MN / MNG

2023-12-14
ᠮᠣᠩᠭᠣᠯ ᠳᠣᠬᠢᠶᠠᠨ ᠤ ᠬᠡᠯᠡᠨ ᠦ ᠬᠠᠤᠯᠢ ᠶᠢᠨ ᠲᠥᠰᠥᠯ ᠦᠨ ᠬᠤᠶᠠᠷ ᠳᠠᠬᠢ ᠱᠠᠲᠤᠨ ᠤ ᠬᠡᠯᠡᠯᠴᠡᠭᠦᠯᠭᠡ ᠪᠣᠯᠤᠯ᠎ᠠ

ᠮᠣᠩᠭᠣᠯ ᠳᠣᠬᠢᠶᠠᠨ ᠤ ᠬᠡᠯᠡᠨ ᠦ ᠬᠠᠤᠯᠢ ᠶᠢᠨ ᠲᠥᠰᠥᠯ ᠦᠨ ᠬᠤᠶᠠᠷ ᠳᠠᠬᠢ ᠱᠠᠲᠤᠨ ᠤ ᠬᠡᠯᠡᠯᠴᠡᠭᠦᠯᠭᠡ ᠪᠣᠯᠤᠯ᠎ᠠ




ᠪᠣᠯᠪᠠᠰᠤᠷᠠᠯ ᠰᠢᠨᠵᠢᠯᠡᠬᠦ ᠤᠬᠠᠭᠠᠨ ᠤ ᠰᠠᠶᠢᠳ ᠤᠨ 2023 ᠣᠨ ᠤ 06 ᠳ᠋ᠤᠭᠠᠷ ᠰᠠᠷ᠎ᠠ ᠶᠢᠨ 09  ᠦ ᠠ᠊/251  ᠳᠦᠭᠡᠷ ᠲᠤᠰᠢᠶᠠᠯ ᠢᠶᠠᠷ ᠮᠣᠩᠭᠣᠯ ᠳᠣᠬᠢᠶᠠᠨ ᠤ ᠬᠡᠯᠡᠨ ᠦ ᠬᠠᠤᠯᠢ ᠶᠢᠨ ᠲᠥᠰᠥᠯ ᠪᠣᠯᠪᠠᠰᠤᠷᠠᠭᠤᠯᠬᠤ ᠠᠵᠢᠯ ᠤᠨ ᠬᠡᠰᠡᠭ ᠪᠠᠶᠢᠭᠤᠯᠤᠭᠳᠠᠨ ᠠᠵᠢᠯᠯᠠᠵᠤ ᠪᠠᠶᠢᠨ᠎ᠠ᠃

ᠠᠵᠢᠯ ᠤᠨ ᠬᠡᠰᠡᠭ ᠡᠨᠡ ᠰᠠᠷ᠎ᠠ ᠶᠢᠨ 14  ᠦ ᠡᠳᠦᠷ ᠪᠣᠯᠪᠠᠰᠤᠷᠠᠯ ᠰᠢᠨᠵᠢᠯᠡᠬᠦ ᠤᠬᠠᠭᠠᠨ ᠤ ᠶᠠᠮᠤᠨ᠍ ᠤ ᠬᠤᠷᠠᠯ ᠤᠨ ᠲᠠᠩᠬᠢᠮ ᠳᠤ ᠮᠣᠩᠭᠣᠯ
ᠳᠣᠬᠢᠶᠠᠨ ᠤ ᠬᠡᠯᠡᠨ ᠦ ᠬᠠᠤᠯᠢ
ᠲᠥᠰᠥᠯ ᠦᠨ ᠬᠡᠯᠡᠯᠴᠡᠭᠦᠯᠭᠡ ᠶᠢ ᠬᠢᠪᠡ᠃ ᠡᠨᠡ ᠦᠶ᠎ᠡ ᠪᠡᠷ ᠮᠣᠩᠭᠣᠯ ᠳᠣᠬᠢᠶᠠᠨ ᠤ ᠬᠡᠯᠡᠨ ᠦ ᠬᠠᠤᠯᠢ ᠶᠢᠨ ᠲᠥᠰᠥᠯ ᠦᠨ ᠬᠡᠷᠡᠭᠴᠡᠭᠡ ᠱᠠᠭᠠᠷᠳᠠᠯᠭ᠎ᠠ ᠶᠢ ᠤᠷᠢᠳᠴᠢᠯᠠᠨ ᠲᠠᠩᠳᠠᠬᠤ ᠰᠤᠳᠤᠯᠭ᠎ᠠ᠂ ᠬᠠᠤᠯᠢ ᠶᠢᠨ ᠦᠵᠡᠯ ᠪᠠᠷᠢᠮᠲᠠᠯᠠᠯ  ᠪᠣᠯᠤᠨ ᠬᠠᠤᠯᠢ ᠶᠢᠨ ᠲᠥᠰᠥᠯ ᠬᠡᠯᠡᠯᠴᠡᠭᠦᠯᠵᠦ ᠬᠣᠯᠪᠣᠭᠳᠠᠬᠤ ᠪᠠᠶᠢᠭᠤᠯᠤᠯᠭ᠎ᠠ᠂ ᠢᠷᠭᠡᠳ ᠡᠴᠡ ᠰᠠᠨᠠᠯ ᠠᠪᠤᠯ᠎ᠠ᠃



ᠬᠡᠯᠡᠯᠴᠡᠭᠦᠯᠭᠡ ᠳᠦ ᠪᠣᠯᠪᠠᠰᠤᠷᠠᠯ ᠰᠢᠨᠵᠢᠯᠡᠬᠦ ᠤᠬᠠᠭᠠᠨ ᠤ ᠶᠠᠮᠤ᠂ ᠪᠣᠯᠪᠠᠰᠤᠷᠠᠯ ᠤᠨ ᠶᠡᠷᠦᠩᠬᠡᠢ ᠭᠠᠵᠠᠷ ᠤᠨ ᠲᠡᠭᠰᠢ ᠬᠠᠮᠤᠷᠤᠭᠤᠯᠬᠤ ᠪᠣᠯᠪᠠᠰᠤᠷᠠᠯ ᠤᠨ ᠬᠡᠯᠲᠡᠰ᠂ ᠶᠡᠷᠦᠩᠬᠡᠶᠢᠯᠡᠭᠴᠢ ᠶᠢᠨ ᠳᠡᠷᠭᠡᠳᠡᠬᠢ ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ ᠦᠨ ᠠᠵᠢᠯ ᠤᠨ ᠠᠯᠪᠠ᠂ ᠬᠥᠳᠡᠯᠮᠦᠷᠢ ᠨᠡᠶᠢᠭᠡᠮ ᠬᠠᠮᠠᠭᠠᠯᠠᠯ ᠤᠨ ᠶᠠᠮᠤᠨ ᠤ ᠲᠥᠯᠥᠭᠡᠯᠡᠯ᠂ ᠬᠥᠭᠵᠢᠯ ᠦᠨ ᠪᠡᠷᠬᠡᠰᠢᠶᠡᠯ ᠲᠡᠢ ᠢᠷᠭᠡᠳ ᠦᠨ ᠢᠷᠭᠡᠨ ᠦ ᠨᠡᠶᠢᠭᠡᠮ ᠤᠨ ᠲᠥᠯᠥᠭᠡᠯᠡᠯ᠂ ᠰᠣᠨᠣᠰᠬᠠᠯ ᠦᠭᠡᠢ ᠢᠷᠭᠡᠳ ᠦᠨ
ᠢᠷᠭᠡᠨ ᠦ ᠨᠡᠶᠢᠭᠡᠮ ᠤᠨ ᠲᠥᠯᠥᠭᠡᠯᠡᠯ᠂ ᠰᠣᠨᠣᠰᠬᠠᠯ ᠦᠭᠡᠢ ᠬᠡᠦᠬᠡᠳ ᠦᠨ ᠡᠴᠢᠭᠡ ᠡᠬᠡ᠂
29  ᠳᠦᠭᠡᠷ ᠰᠤᠷᠭᠠᠭᠤᠯᠢ ᠶᠢᠨ ᠪᠠᠭᠰᠢ ᠬᠠᠮᠲᠤ ᠣᠯᠠᠨ᠂ ᠮᠣᠩᠭᠣᠯ ᠳᠣᠬᠢᠶᠠᠨ ᠤ ᠬᠡᠯᠡᠨ ᠦ ᠬᠡᠯᠡᠮᠦᠷᠴᠢᠳ᠂ ᠪᠤᠯᠤᠨ ᠬᠡᠯᠡᠮᠦᠷᠴᠢ ᠪᠡᠷ ᠰᠤᠷᠤᠯᠴᠠᠵᠤ ᠪᠤᠢ ᠣᠶᠤᠲᠠᠨ ᠤ ᠲᠥᠯᠥᠭᠡᠯᠡᠯ ᠤᠷᠤᠯᠴᠠᠪᠠ᠃



ᠬᠡᠯᠡᠯᠴᠡᠭᠦᠯᠭᠡ ᠶᠢ ᠪᠣᠯᠪᠠᠰᠤᠷᠠᠯ ᠰᠢᠨᠵᠢᠯᠡᠬᠦ ᠤᠬᠠᠭᠠᠨ ᠤ ᠶᠠᠮᠤ ᠪᠣᠯᠤᠨ ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ ᠦᠨ ᠠᠵᠢᠯ ᠤᠨ ᠠᠯᠪᠠ᠂ ᠮᠣᠩᠭᠣᠯ ᠤᠯᠤᠰ ᠤᠨ ᠰᠣᠨᠣᠰᠬᠠᠯ ᠦᠭᠡᠢ ᠢᠷᠭᠡᠳ ᠦᠨ ᠦᠨᠳᠦᠰᠦᠨ ᠦ ᠬᠣᠯᠪᠣᠭ᠎ᠠ᠂ ᠲᠡᠭᠰᠢ ᠲᠤᠰᠬᠠᠯ ᠲᠥᠷᠥ ᠶᠢᠨ ᠪᠤᠰᠤ ᠪᠠᠶᠢᠭᠤᠯᠤᠯᠭ᠎ᠠ ᠤᠨ ᠮᠣᠩᠭᠣᠯ ᠳᠣᠬᠢᠶᠠᠨ ᠤ ᠬᠡᠯᠡᠨ ᠦ ᠠᠳᠠᠯᠢᠰᠤᠯ ᠢ ᠪᠡᠬᠢᠵᠢᠭᠦᠯᠬᠦ ᠲᠥᠰᠥᠯ》᠋᠋᠋᠋᠋ ᠦᠨ ᠪᠠᠭ ᠬᠠᠮᠲᠤᠷᠠᠨ ᠵᠣᠬᠢᠶᠠᠨ
ᠪᠠᠶᠢᠭᠤᠯᠤᠭᠰᠠᠨ᠃



ᠣᠷᠣᠯᠴᠠᠭᠴᠢᠳᠮᠣᠩᠭᠣᠯ ᠳᠣᠬᠢᠶᠠᠨ ᠤ ᠬᠡᠯᠡᠨ ᠦ ᠬᠠᠤᠯᠢ ᠶᠢᠨ ᠲᠥᠰᠥᠯ ᠳᠦ ᠦᠨ᠎ᠡ ᠲᠡᠢ ᠰᠠᠨᠠᠯ᠂ ᠵᠥᠪᠯᠡᠭᠡ ᠥᠭᠴᠦ᠂ ᠠᠮᠢᠳᠤᠷᠠᠯ ᠳᠤ ᠲᠤᠯᠭᠠᠷᠠᠳᠠᠭ ᠪᠣᠳᠠᠲᠤ ᠵᠢᠱᠢᠶ᠎ᠡ ᠶᠢ ᠪᠠᠷᠢᠮᠲᠠ ᠪᠠᠷ ᠨᠣᠲᠠᠯᠠᠵᠤ ᠬᠠᠤᠯᠢ ᠶᠢ ᠪᠠᠲᠤᠯᠠᠬᠤ ᠬᠡᠷᠡᠭᠴᠡᠭᠡ᠂ ᠰᠣᠨᠣᠰᠬᠠᠯ ᠤᠨ ᠪᠡᠷᠬᠡᠰᠢᠶᠡᠯ ᠲᠡᠢ 12000 ᠢᠷᠭᠡᠨ ᠳᠦ ᠵᠠᠶᠢᠯᠠᠰᠢ ᠦᠭᠡᠢ ᠲᠤᠯᠭᠠᠷᠴᠤ ᠪᠠᠶᠢᠭ᠎ᠠ ᠲᠤᠬᠠᠢ ᠶᠠᠷᠢᠵᠤ ᠪᠠᠶᠢᠭᠰᠠᠨ ᠶᠤᠮ᠃ ᠮᠥᠨ ᠮᠣᠩᠭᠣᠯ ᠳᠣᠬᠢᠶᠠᠨ ᠤ ᠬᠡᠯᠡᠨ ᠦ ᠬᠠᠤᠯᠢ ᠶᠢᠨ ᠲᠥᠰᠥᠯ ᠨᠢ ᠮᠣᠩᠭᠣᠯ ᠳᠣᠬᠢᠶᠠᠨ ᠤ ᠬᠡᠯᠡ ᠬᠡᠷᠡᠭᠯᠡᠭᠴᠢᠳ ᠦᠨ ᠪᠣᠯᠤᠨ ᠭᠡᠷ ᠪᠦᠯᠢ᠂ ᠠᠰᠠᠷᠠᠨ ᠬᠠᠮᠠᠭᠠᠯᠠᠭᠴᠢᠳ ᠤᠨ ᠡᠷᠬᠡ ᠶᠢ ᠬᠠᠩᠭᠠᠬᠤ ᠨᠡᠩ ᠴᠢᠬᠤᠯᠠ ᠬᠠᠤᠯᠢ ᠶᠢᠨ ᠲᠥᠰᠥᠯ ᠪᠣᠯᠵᠤ ᠪᠤᠢ ᠳᠤ ᠲᠠᠯᠠᠷᠬᠠᠵᠤ ᠪᠠᠶᠢᠭ᠎ᠠ ᠪᠠᠨ ᠢᠯᠡᠷᠬᠡᠶᠢᠯᠡᠯ᠎ᠡ᠃



ᠡᠬᠡ ᠰᠤᠷᠪᠤᠯᠵᠢ᠄

http://www.meds.gov.mn/post/134795







ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ

ᠪᠤᠰᠤᠳ ᠨᠡᠶᠢᠲᠡᠯᠡᠯ