MN / MNG

2022-09-26
ᠭ᠂ ᠠᠻᠢᠮ᠄ ᠮᠣᠩᠭᠣᠯ ᠬᠡᠯᠡᠨ ᠦ ᠨᠠᠢᠢᠷᠠᠭᠤᠯᠬᠤ ᠎᠎᠎ ᠶᠣᠰᠤ ᠭᠡᠵᠦ ᠪᠦᠬᠦᠯᠢ ᠪᠦᠲᠦᠨ ᠰᠢᠨᠵᠢᠯᠡᠬᠦ ᠤᠬᠠᠭᠠᠨ ᠪᠠᠶᠢᠨ᠎ᠠ᠋᠃ ᠲᠡᠭᠦᠨ ᠢ ᠯᠠ ᠰᠠᠶᠢᠨ ᠰᠤᠳᠤᠯ᠃ ᠲᠡᠭᠡᠪᠡᠯ ᠣᠷᠴᠢᠭᠤᠯᠤᠭᠴᠢ ᠪᠣᠯᠤᠨ᠎ᠠ᠃

ᠭ᠂ ᠠᠻᠢᠮ᠄ ᠮᠣᠩᠭᠣᠯ ᠬᠡᠯᠡᠨ ᠦ ᠨᠠᠢᠢᠷᠠᠭᠤᠯᠬᠤ ᠎᠎᠎ ᠶᠣᠰᠤ ᠭᠡᠵᠦ ᠪᠦᠬᠦᠯᠢ ᠪᠦᠲᠦᠨ ᠰᠢᠨᠵᠢᠯᠡᠬᠦ ᠤᠬᠠᠭᠠᠨ ᠪᠠᠶᠢᠨ᠎ᠠ᠋᠃ ᠲᠡᠭᠦᠨ ᠢ ᠯᠠ ᠰᠠᠶᠢᠨ ᠰᠤᠳᠤᠯ᠃ ᠲᠡᠭᠡᠪᠡᠯ ᠣᠷᠴᠢᠭᠤᠯᠤᠭᠴᠢ ᠪᠣᠯᠤᠨ᠎ᠠ᠃



ᠲᠣᠯᠢ ᠪᠢᠴᠢᠭ ᠰᠢᠬᠦᠳᠡᠭ ᠪᠠᠢ᠃ ᠵᠠᠯᠠᠭᠤ ᠪᠠᠶᠢᠬᠤ ᠳᠤ ᠴᠡᠪᠡᠯ ᠭᠤᠸᠠᠢ ᠶᠢᠨ ᠨᠣᠭᠣᠭᠠᠨ ᠲᠣᠯᠢ ᠢᠢ ᠨᠠᠪᠲᠠᠷᠠᠭ᠎ᠠ ᠪᠣᠯᠲᠠᠯ᠎ᠠ ᠰᠢᠬᠦᠵᠦ ᠬᠠᠷᠠᠭᠰᠠᠨ᠃ ᠨᠢᠭᠡ ᠦᠭᠡ ᠬᠠᠶᠢᠵᠤ ᠶᠠᠪᠤᠭᠠᠳ ᠭᠡᠨᠡᠳᠲᠡᠬᠡᠨ ᠰᠣᠨᠢᠨ ᠦᠭᠡ ᠭᠠᠷᠤᠭᠠᠳ ᠢᠷᠡᠮᠡᠭᠴᠡ ᠲᠡᠷᠡ ᠶᠢ ᠪᠡᠨ ᠬᠥᠭᠡᠭᠡᠭᠡᠳ ᠠᠯᠠᠭ᠎ᠠ ᠪᠣᠯᠵᠤ ᠥᠭᠭᠦᠨ᠎ᠡ᠃ ᠪᠠᠷᠤᠭ ᠡᠬᠢᠨ ᠦ ᠬᠠᠶᠢᠵᠤ ᠶᠠᠪᠤᠭᠰᠠᠨ ᠦᠭᠡ ᠮᠠᠷᠲᠠᠴᠢᠬᠠᠳᠠᠭ᠃ ᠦᠭᠡ ᠬᠥᠭᠡᠭᠡᠬᠦ᠂ ᠦᠭᠡ ᠶᠢᠨ ᠠᠮᠲᠠᠨ ᠳᠤ ᠤᠷᠤᠬᠤ ᠭᠡᠵᠦ ᠣᠶᠢᠯᠠᠭᠠᠯᠲᠠ ᠪᠤᠢ᠃ ᠭᠡᠲᠡᠯ᠎ᠡ ᠮᠠᠨ ᠤ ᠬᠢᠨ ᠶᠡᠷᠦ ᠲᠡᠭᠡᠬᠦ ᠦᠭᠡᠢ ᠶᠤᠮ᠃ ᠤᠷᠠᠨ ᠵᠣᠬᠢᠶᠠᠯ ᠤᠨ ᠣᠷᠴᠢᠭᠤᠯᠭ᠎ᠠ ᠬᠢᠬᠦ ᠬᠦᠮᠦᠨ ᠤᠷᠠᠨ ᠰᠠᠶᠢᠬᠠᠨ ᠤ ᠰᠡᠳᠬᠢᠯᠭᠡᠭᠡ ᠦᠭᠡᠢ ᠪᠡᠷ ᠤᠷᠠᠨ ᠰᠠᠶᠢᠬᠠᠨ ᠣᠷᠴᠢᠭᠤᠯᠵᠤ ᠴᠢᠳᠠᠬᠤ ᠦᠭᠡᠢ ᠰᠢᠦ ᠳ᠋ᠡ᠃ ᠤᠷᠠᠨ ᠰᠠᠶᠢᠬᠠᠨ ᠤ ᠰᠡᠳᠬᠢᠯᠭᠡ ᠭᠡᠳᠡᠭ ᠴᠢᠨᠢ ᠤᠷᠠᠨ ᠵᠣᠬᠢᠶᠠᠯ ᠤᠩᠰᠢᠵᠤ ᠪᠠᠶᠢᠵᠤ ᠰᠠᠭᠤᠳᠠᠭ ᠵᠦᠢᠯ ᠶᠤᠮ ᠪᠠᠶᠢᠭ᠎ᠠ ᠪᠢᠵᠡ ᠳ᠋ᠡ᠌? ᠬᠦᠮᠦᠨ ᠢ ᠰᠡᠳᠬᠢᠭᠦᠯᠵᠦ ᠰᠤᠷᠭᠠᠳᠠᠭ ᠨᠢ ᠤᠷᠠᠨ ᠵᠣᠬᠢᠶᠠᠯ᠃ ᠤᠷᠠᠨ ᠵᠣᠬᠢᠶᠠᠯ ᠤᠨ ᠬᠢᠴᠢᠶᠡᠯ ᠦᠨ ᠴᠠᠭ ᠢ ᠲᠠᠨᠤᠴᠢᠬᠤᠯᠠᠷ ᠬᠡᠦᠬᠡᠳ ᠶᠠᠭᠠᠬᠢᠵᠤ ᠡᠷᠭᠢᠴᠡᠭᠦᠯᠵᠦ᠂ ᠲᠤᠩᠭᠠᠵᠤ᠂ ᠳ᠋ᠦᠩᠨᠡᠯᠲᠡ ᠬᠢᠵᠦ ᠰᠤᠷᠬᠤ ᠪᠢᠯᠡ? ᠮᠠᠨ ᠤ ᠬᠢᠨ ᠲᠣᠭ᠎ᠠ ᠯᠠ ᠭᠡᠳ ᠪᠠᠶᠢᠳᠠᠭ᠃ ᠲᠣᠭ᠎ᠠ ᠬᠦᠮᠦᠨ ᠢ ᠴᠡᠪᠳᠡᠭ ᠰᠡᠳᠬᠢᠯ ᠲᠡᠢ ᠪᠣᠯᠭᠠᠳᠠᠭ᠃ ᠬᠦᠮᠦᠨ ᠦ ᠰᠡᠳᠬᠢᠬᠦᠢ ᠶᠢ ᠵᠥᠪᠬᠡᠨ ᠲᠣᠭᠠᠨ ᠳᠣᠲᠣᠷ᠎ᠠ ᠪᠠᠷᠢᠴᠢᠬᠠᠳᠠᠭ ᠤᠬᠠᠭᠠᠨ ᠰᠢᠦ ᠳ᠋ᠡ᠃

ᠮᠣᠩᠭᠣᠯ ᠬᠡᠯᠡ ᠢᠷᠠᠭᠤ ᠡᠭᠡᠰᠢᠭᠯᠡᠩ ᠲᠡᠢ᠂ ᠪᠠᠷᠤᠭ ᠰᠢᠯᠦᠭ ᠰᠢᠭ ᠬᠡᠯᠡ᠃ ᠶᠠᠷᠢᠬᠤ ᠳᠤ ᠪᠠᠷᠤᠭ ᠳᠠᠭᠤᠤ ᠰᠢᠬ ᠰᠣᠨᠣᠰᠤᠭᠳᠠᠳᠠᠭ᠃ ᠤᠭ ᠨᠢ ᠪᠢᠴᠢᠭ ᠦᠨ ᠬᠡᠯᠡ᠂ ᠶᠠᠷᠢᠶᠠᠨ ᠤ ᠬᠡᠯᠡ ᠬᠣᠶᠠᠷ ᠲᠤᠰ ᠲᠤ ᠪᠠᠨ᠃ ᠭᠡᠪᠡᠴᠦ ᠮᠠᠨ ᠤ ᠬᠢᠨ ᠪᠢᠴᠢᠭ ᠦᠨ ᠬᠡᠯᠡ ᠪᠡᠨ ᠶᠠᠷᠢᠶᠠᠨ ᠤ ᠬᠡᠯᠡ ᠲᠡᠢ ᠪᠡᠨ ᠬᠤᠳᠬᠤᠴᠢᠬᠠᠭᠰᠠᠨ᠃ ᠪᠢᠴᠢᠭ ᠦᠨ ᠬᠡᠯᠡ ᠭᠡᠳᠡᠭ ᠴᠢᠨᠢ ᠢᠷᠠᠭᠤ ᠲᠤᠩᠭᠠᠯᠠᠭ᠃ ᠮᠥᠨ ᠮᠣᠩᠭᠣᠯ ᠬᠡᠯᠡᠨ ᠳᠦ ᠰᠣᠨᠳᠣᠭᠣᠶᠢᠷᠠᠭᠤᠯᠬᠤ ᠦᠭᠡᠢ ᠪᠠᠶᠢᠬᠤ ᠵᠠᠷᠴᠢᠮ ᠭᠡᠵᠦ ᠪᠠᠶᠢᠳᠠᠭ᠃ ᠨᠢᠭᠡ ᠥᠭᠦᠯᠡᠪᠦᠷᠢ ᠵᠢᠷᠭᠤᠭᠠᠨ ᠦᠭᠡᠨ ᠡᠴᠡ ᠪᠦᠲᠦᠯ᠎ᠡ ᠭᠡᠵᠦ ᠪᠣᠳᠣᠬᠤ ᠳᠤ ᠭᠤᠷᠪᠠ ᠭᠤᠷᠪᠠ ᠪᠠᠷ ᠢᠶᠠᠨ ᠵᠢᠩᠭᠡᠨ ᠬᠤᠪᠢᠶᠠᠵᠤ ᠪᠠᠶᠢᠪᠠᠯ ᠵᠦᠭᠡᠷ᠃ ᠥᠭᠦᠯᠡᠪᠦᠷᠢ ᠳᠦ ᠲᠡᠭᠰᠢ ᠬᠡᠮ ᠢ ᠬᠠᠳᠠᠭᠠᠯᠠᠬᠤ ᠨᠢ ᠴᠢᠬᠤᠯᠠ᠃ ᠮᠠᠨ ᠤ ᠡᠷᠲᠡᠨ ᠦ ᠰᠠᠶᠢᠨ ᠣᠷᠴᠢᠭᠤᠯᠤᠭᠴᠢ᠂ ᠵᠣᠬᠢᠶᠠᠯᠴᠢᠳ ᠪᠢᠴᠢᠭᠰᠡᠨ ᠢᠶᠡᠨ ᠴᠢᠩ‍᠌ᠭ᠎ᠠ ᠳᠠᠭᠤᠳᠠᠵᠤ ᠤᠩᠰᠢᠳᠠᠭ ᠪᠠᠶᠢᠭᠰᠠᠨ᠃ ᠲᠡᠭᠡᠵᠦ ᠤᠩᠰᠢᠪᠠᠯ ᠰᠣᠨᠳᠣᠭᠣᠶᠢᠷᠠᠵᠤ ᠤᠤ᠂ ᠦᠭᠡᠢ ᠤᠤ ᠭᠡᠳᠡᠭ ᠨᠢ ᠮᠡᠳᠡᠭᠳᠡᠳᠡᠭ᠃ ᠡᠨᠡ ᠰᠠᠶᠢᠬᠠᠨ ᠲᠤᠷᠰᠢᠯᠭ᠎ᠠ ᠶᠢ ᠮᠠᠨ ᠤ ᠵᠠᠯᠠᠭᠤᠴᠤᠳ ᠬᠡᠷᠡᠭᠯᠡᠭᠡᠰᠡᠢ᠃

ᠠᠯᠢᠪᠠ ᠬᠡᠯᠡᠨ ᠳᠦ ᠨᠡᠷᠡᠰᠢᠬᠦ᠂ ᠦᠢᠯᠡᠰᠢᠬᠦ ᠬᠣᠶᠠᠷ ᠬᠠᠨᠳᠤᠯᠭ᠎ᠠ ᠪᠤᠢ᠃ ᠣᠷᠣᠰ᠂ ᠠᠩᠯᠢ ᠬᠡᠯᠡ ᠨᠡᠷᠡᠰᠢᠬᠦ ᠬᠠᠨᠳᠤᠯᠭ᠎ᠠ ᠲᠠᠢ᠂ ᠨᠡᠷ᠎ᠡ ᠪᠡᠷ ᠭᠣᠣᠯ ᠤᠳᠬ᠎ᠠ ᠪᠠᠨ ᠢᠯᠡᠷᠬᠡᠶᠢᠯᠡᠳᠡ᠌ᠭ᠌ ᠪᠣᠯ ᠮᠣᠩᠭᠣᠯ ᠬᠡᠯᠡ ᠦᠢᠯᠡ ᠪᠡᠷ᠃ ᠵᠢᠱᠢᠶ᠎ᠡ ᠨᠢ ᠬᠣᠶᠠᠭᠤᠯᠠ ᠪᠠᠨ ᠶᠠᠭ ᠣᠳᠣ ᠭᠠᠭᠴᠠ ᠴᠤ ᠨᠡᠷ᠎ᠡ ᠦᠭᠡ ᠦᠭᠡᠢ ᠪᠡᠷ ᠣᠶᠢᠯᠠᠭᠠᠯᠴᠠᠵᠤ ᠳᠥᠩᠭᠡᠨ᠎ᠡ᠃ ᠦᠢᠯᠡ ᠪᠡᠷ ᠶᠠᠷᠢᠪᠠᠯ ᠪᠣᠭᠣᠨᠢᠬᠠᠨ᠂ ᠲᠣᠪᠴᠢᠬᠠᠨ᠂ ᠲᠣᠳᠣᠷᠬᠠᠢ᠂ ᠪᠦᠬᠦ ᠶᠠᠭᠤᠮ᠎ᠠ ᠶᠢ ᠣᠶᠢᠯᠠᠭᠠᠮᠵᠢᠲᠠᠢ ᠪᠣᠯᠭᠠᠳᠠᠭ᠃ ᠡᠨᠡ ᠨᠢ ᠥᠪᠡᠷ ᠢᠶᠡᠨ ᠮᠣᠩᠭᠣᠯ ᠬᠡᠯᠡᠨ ᠦ ᠣᠨᠴᠠᠯᠢᠭ ᠶᠤᠮ᠃ ᠵᠢᠷᠤᠭᠲᠤ ᠶᠢᠨ ᠲᠠᠶᠢᠯᠪᠤᠷᠢᠯᠠᠭᠴᠢ «ᠳᠠᠪᠠᠭᠤᠯᠤᠯᠲᠠ ᠬᠢᠯ᠎ᠡ»᠂ «ᠡᠷᠭᠦᠯᠲᠡ ᠬᠢᠯ᠎ᠡ»᠂ «ᠴᠣᠬᠢᠯᠲᠠ ᠬᠢᠯ᠎ᠡ» ᠭᠡᠬᠦ ᠶᠢᠨ ᠣᠷᠣᠨ ᠳᠤ «ᠳᠠᠪᠠᠭᠤᠯᠤᠯ ᠠ»᠂ «ᠡᠷᠭᠦᠯ᠎ᠡ»᠂ «ᠴᠣᠬᠢᠯ ᠠ» ᠭᠡᠬᠦ ᠳᠦ ᠯᠠ ᠪᠦᠬᠦ ᠶᠠᠭᠤᠮ᠎ᠠ ᠣᠶᠢᠯᠠᠭᠠᠮᠵᠢᠲᠠᠢ᠃ ᠲᠠᠶᠢᠯᠪᠤᠷᠢᠯᠠᠭᠴᠢ ᠶᠢ ᠨᠤᠷᠱᠤᠬᠤ ᠬᠣᠭᠣᠷᠣᠨᠳᠣ ᠥᠨᠳᠥᠷ ᠢᠶᠡᠨ ᠠᠪᠤᠭᠰᠠᠨ ᠪᠥᠮᠪᠥᠭᠡ ᠠᠯᠢ ᠬᠡᠳᠦᠶᠢᠨ ᠭᠠᠵᠠᠷ ᠲᠤ ᠣᠶᠢᠴᠢᠴᠢᠬᠠᠨ᠎ᠠ ᠰᠢᠦ ᠳ᠋ᠡ᠃ ᠭᠡᠲᠡᠯ᠎ᠡ «ᠳᠠᠪᠠᠭᠤᠯᠤᠯ ᠠ»᠂ «ᠠᠪᠤᠯ᠎ᠠ»᠂ «ᠡᠷᠭᠦᠯ᠎ᠡ»᠂ «ᠴᠣᠬᠢᠯ ᠠ» ᠭᠡᠵᠦ ᠬᠡᠯᠡᠬᠦ ᠨᠢ ᠪᠥᠮᠪᠥᠭᠡ ᠤᠨᠠᠬᠤ ᠠᠴᠠ ᠴᠤ ᠬᠤᠷᠳᠤᠨ᠃
ᠪᠢ ᠵᠠᠯᠠᠭᠤ ᠪᠠᠶᠢᠬᠤ ᠳᠤ ᠪᠠᠨ ᠨᠢᠭᠡ ᠪᠠᠭᠰᠢ ᠠᠴᠠ ᠪᠠᠨ 《ᠪᠢ ᠶᠠᠮᠠᠷ ᠰᠡᠳᠦᠪ ᠢᠶᠡᠷ ᠡᠷᠳᠡᠮ ᠦᠨ ᠵᠡᠷᠭᠡ ᠬᠠᠮᠠᠭᠠᠯᠠᠬᠤ ᠪᠤᠢ》 ᠭᠡᠵᠦ ᠠᠰᠠᠭᠤᠵᠤ ᠪᠠᠶᠢᠭᠰᠠᠨ ᠶᠤᠮ᠃ ᠪᠠᠭᠰᠢ ᠮᠠᠨᠢ 《ᠪᠢᠲᠡᠭᠡᠢ ᠳᠡᠮᠡᠢ ᠶᠠᠭᠤᠮ᠎ᠠ ᠶᠠᠷᠢᠵᠤ ᠪᠠᠢ᠃ ᠥᠪᠡᠷ ᠦᠨ ᠢᠶᠡᠨ ᠰᠣᠨᠢᠷᠬᠠᠭᠰᠠᠨ ᠠᠵᠢᠯ ᠢ ᠯᠠ ᠬᠢᠳᠡᠭ ᠪᠠᠶᠢᠬᠤ ᠦᠭᠡᠢ ᠤᠤ》 ᠭᠡᠰᠡᠨ᠃ ᠣᠷᠴᠢᠭᠤᠯᠭ᠎ᠠ ᠭᠡᠳᠡᠭ ᠵᠣᠬᠢᠶᠠᠯ ᠪᠢᠴᠢᠬᠦ ᠲᠡᠢ ᠠᠳᠠᠯᠢ ᠦᠭᠡᠢ᠃ ᠪᠢᠴᠢᠵᠦ ᠪᠤᠢ ᠵᠣᠬᠢᠶᠠᠯ ᠤᠨ ᠢᠶᠠᠨ ᠦᠢᠯᠡ ᠶᠠᠪᠤᠳᠠᠯ ᠢ ᠨᠢᠭᠲᠠ ᠨᠢᠮᠪᠠᠢ ᠲᠥᠯᠥᠪᠯᠡᠵᠦ᠂ ᠤᠳᠬ᠎ᠠ ᠠᠭᠤᠯᠭ᠎ᠠ ᠶᠢ ᠨᠢ ᠰᠠᠶᠢᠲᠤᠷ ᠪᠣᠳᠣᠵᠤ ᠲᠤᠩᠭᠠᠨ᠎ᠠ ᠭᠡᠳᠡᠭ ᠵᠣᠬᠢᠶᠠᠯᠴᠢ ᠬᠦᠮᠦᠨ ᠦ ᠠᠵᠢᠯ᠃ ᠬᠠᠷᠢᠨ ᠣᠷᠴᠢᠭᠤᠯᠤᠭᠴᠢ ᠬᠦᠮᠦᠨ ᠡᠬᠢᠨ ᠦ ᠥᠭᠦᠯᠡᠪᠦᠷᠢ ᠪᠡᠨ ᠲᠠᠯᠪᠢᠭᠠᠳ ᠡᠬᠢᠯᠡᠭᠰᠡᠨ ᠯᠠ ᠪᠣᠯ ᠬᠥᠯᠭᠡ ᠣᠩᠭᠣᠴᠠ ᠳᠠᠯᠠᠢ ᠳᠤ ᠭᠠᠷᠤᠭᠰᠠᠨ ᠲᠠᠢ ᠠᠳᠠᠯᠢ᠃ ᠨᠠᠷᠢᠨ ᠳᠤ ᠪᠠᠨ ᠲᠥᠪᠯᠡᠷᠡᠯ ᠴᠤ ᠪᠠᠰᠠ ᠭᠠᠭᠴᠠᠭᠠᠷᠳᠠᠯ᠃ ᠬᠡᠷᠪᠡ ᠲᠥᠪᠯᠡᠷᠡᠵᠦ ᠯᠠ ᠴᠢᠳᠠᠪᠠᠯ ᠠᠭᠤᠯᠠ ᠢᠢᠨ ᠪᠥᠭᠯᠡᠭᠦᠦ ᠮᠤᠬᠤᠷ ᠲᠤ ᠭᠠᠭᠴᠠᠭᠠᠷ ᠪᠠᠶᠢᠨ᠎ᠠ ᠤᠤ᠂ ᠠᠯᠢ ᠡᠰᠡᠪᠡᠯ ᠭᠡᠷ ᠲᠦ ᠪᠡᠨ ᠣᠯᠠᠨ ᠤ ᠳᠤᠮᠳᠠ ᠰᠠᠭᠤᠵᠤ ᠪᠠᠶᠢᠨ᠎ᠠ ᠤᠤ ᠶᠠᠮᠠᠷ ᠴᠤ ᠢᠯᠭᠠᠭ᠎ᠠ ᠦᠭᠡᠢ᠃ ᠪᠣᠯᠳᠠᠭ ᠰᠠᠨ ᠪᠣᠯ ᠠᠯᠢᠪᠠ ᠵᠣᠬᠢᠶᠠᠯ ᠢ ᠣᠷᠴᠢᠭᠤᠯᠬᠤ ᠶᠢᠨ ᠡᠮᠦᠨ᠎ᠡ ᠲᠤᠬᠠᠢ ᠶᠢᠨ ᠨᠤᠲᠤᠭ ᠣᠷᠣᠨ ᠳᠤ ᠨᠢ ᠣᠴᠢᠭᠠᠳ ᠦᠵᠡᠴᠢᠬᠡᠪᠡᠯ ᠵᠦᠭᠡᠷ ᠰᠡᠨ᠃

᠎ᠾᠸᠮᠢᠨ᠋ᠭᠦᠸᠧᠢ 《ᠡᠪᠦᠭᠡᠨ ᠲᠡᠩᠭᠢᠰ》 ᠲᠤᠭᠤᠵᠢ ᠪᠠᠨ 1951 ᠣᠨ ᠳᠤ ᠪᠢᠴᠢᠵᠦ ᠳᠠᠭᠤᠰᠬᠠᠭᠰᠠᠨ᠃ ᠮᠢᠨᠤ ᠪᠡᠶ᠎ᠡ 1979 ᠣᠨ ᠤ ᠵᠤᠨ ᠺᠦᠪᠠ ᠳᠤ ᠰᠤᠷᠪᠤᠯᠵᠢᠯᠠᠬᠤ ᠠᠵᠢᠯ ᠢᠶᠠᠷ ᠣᠴᠢᠬᠤ ᠳᠤ ᠪᠠᠨ ᠾᠠᠸᠠᠨᠠ ᠬᠣᠲᠠ ᠶᠢᠨ ᠬᠠᠶᠠᠭᠠᠨ ᠳ᠋ᠠᠬᠢ ᠾᠸᠮᠢᠨ᠋ᠭᠦᠸᠧᠢ ᠶᠢᠨ ᠭᠡᠷ ᠮᠦᠽᠧᠢ ᠳᠦ ᠵᠣᠴᠢᠯᠠᠭᠰᠠᠨ ᠶᠤᠮ᠃ ᠣᠯᠠᠨ ᠵᠢᠯ ᠦᠨ ᠳᠠᠷᠠᠭ᠎ᠠ 《ᠡᠪᠦᠭᠡᠨ ᠲᠡᠩᠭᠢᠰ》 ᠍ ᠢ ᠣᠷᠴᠢᠭᠤᠯᠤᠨ ᠰᠠᠭᠤᠬᠤ ᠳᠤ ᠾᠸᠮᠢᠨ᠋ᠭᠦᠸᠧᠢ ᠶᠢᠨ ᠳᠦᠷᠰᠦᠯᠡᠨ ᠪᠢᠴᠢᠭᠰᠡᠨ᠂ ᠪᠠᠰᠠ ᠮᠢᠨᠦ ᠦᠵᠡᠭᠰᠡᠨ ᠲᠡᠷᠡ ᠳᠠᠯᠠᠢ ᠨᠢᠳᠦᠨ ᠦ ᠡᠮᠦᠨ᠎ᠡ ᠳᠠᠬᠢᠨ ᠲᠣᠳᠣᠷᠠᠬᠤ ᠰᠢᠬ ᠪᠣᠯᠤᠭᠰᠠᠨ᠃ ᠵᠣᠬᠢᠶᠠᠯ ᠤᠨ ᠭᠣᠣᠯ ᠳᠦᠷᠢ ᠰᠠᠨ᠋ᠲ᠋ᠢᠶᠠᠭᠤ‍ ᠡᠪᠦᠭᠡᠨ ᠬᠥᠯ ᠦᠭᠡᠢ ᠴᠡᠩᠬᠡᠷ ᠳᠠᠯᠠᠢ ᠳᠤ ᠭᠠᠪ ᠭᠠᠭᠴᠠᠭᠠᠷ ᠬᠥᠪᠪᠦᠨ ᠶᠠᠪᠤᠬᠤ ᠳᠤ ᠪᠠᠨ ᠳᠡᠭᠡᠭᠦᠷ ᠥᠩᠭᠡᠷᠡᠬᠦ ᠨᠢᠰᠬᠦ ᠣᠩᠭᠣᠴᠠ ᠶᠢ ᠬᠠᠷᠠᠭᠠᠳ 《ᠲᠡᠶᠢᠮᠦ ᠥᠨᠳᠦᠷ ᠡᠴᠡ ᠳᠠᠯᠠᠢ ᠶᠠᠮᠠᠷ ᠪᠠᠶᠢᠳᠠᠯ ᠲᠠᠢ ᠬᠠᠷᠠᠭᠳᠠᠳᠠᠭ ᠪᠣᠯ?》 ᠬᠡᠮᠡᠨ ᠥᠪᠡᠷ ᠡᠴᠡ ᠪᠡᠨ ᠠᠰᠠᠭᠤᠳᠠᠭ ᠰᠢᠦ ᠳ᠋ᠡ᠃ ᠪᠠᠰᠠ ᠡᠪᠦᠭᠡᠨ 《ᠳᠠᠯᠠᠢ ᠠᠭᠤᠤ ᠲᠣᠮᠣ᠂ ᠵᠠᠪᠢ ᠥᠴᠥᠬᠡᠨ ᠵᠢᠵᠢᠭ᠃ ᠨᠢᠳᠦᠨ ᠳᠦ ᠲᠣᠷᠬᠤ ᠦᠭᠡᠢ ᠪᠠᠶᠢᠯ ᠦᠭᠡᠢ》 ᠭᠡᠵᠦ ᠬᠡᠯᠡᠳᠡᠭ᠃ ᠪᠤᠴᠠᠬᠤ ᠵᠠᠮ ᠳᠤ ᠪᠠᠨ ᠪᠢ ᠾᠠᠸᠠᠨᠠ ᠠᠴᠠ ᠬᠥᠭᠡᠷᠴᠦ ᠳᠠᠯᠠᠢ ᠳᠡᠭᠡᠭᠦᠷ ᠳᠡᠭᠦᠯᠢᠨ ᠨᠢᠰᠬᠦ ᠳᠦ ᠡᠪᠦᠭᠡᠨ ᠦ ᠡᠳᠦᠷ ᠪᠦᠷᠢ ᠵᠢᠭᠠᠰᠤᠴᠢᠯᠠᠳᠠᠭ ᠺᠠᠷᠢᠪ ᠤᠨ ᠲᠡᠩᠭᠢᠰ ᠨᠣᠮᠢᠨ ᠴᠡᠩᠬᠡᠷ᠂ ᠵᠢᠭᠠᠬᠠᠨ ᠬᠣᠯᠠᠳᠠᠬᠤ ᠪᠠᠷ ᠢᠶᠠᠨ ᠭᠦᠨ ᠬᠥᠬᠡ ᠥᠩᠭᠡ ᠲᠡᠢ ᠬᠠᠷᠠᠭᠳᠠᠭᠰᠠᠨ᠃
ᠷᠢ᠊ ᠪᠠᠭᠰᠢ ᠶᠢᠨ ᠣᠷᠴᠢᠭᠤᠯᠤᠭᠰᠠᠨ ᠨ ∙ ᠸ ∙ ᠭᠣᠭᠣᠯᠢ ᠢᠢᠨ 《ᠲᠠᠷᠠᠰ ᠪᠤᠯᠢᠪᠠ》᠂ 《ᠮᠥᠩᠭᠥᠨ ᠨᠣᠶᠠᠨ》 ᠭᠡᠰᠡᠨ ᠬᠣᠶᠠᠷ ᠨᠣᠮ ᠮᠢᠨᠦ ᠪᠠᠭᠰᠢ᠃ ᠶᠠᠭᠠᠬᠢᠵᠤ ᠣᠷᠴᠢᠭᠤᠯᠤᠭᠰᠠᠨ ᠭᠡᠳᠡᠭ ᠢ ᠦᠭᠡ ᠪᠣᠯᠭᠠᠨ ᠢᠶᠠᠷ ᠨᠢ ᠲᠤᠯᠭᠠᠵᠤ ᠦᠵᠡᠭᠰᠡᠨ᠃ ᠶᠡᠷᠦ ᠨᠢ ᠡᠨᠡ ᠬᠣᠶᠠᠷ ᠢ ᠮᠣᠩᠭᠣᠯ ᠨᠠᠶᠢᠷᠠᠭᠤᠯᠭ᠎ᠠ ᠵᠦᠢ ᠶᠢᠨ ᠣᠬᠢ ᠭᠡᠵᠦ ᠬᠡᠯᠡᠨ᠎ᠡ᠃ ᠣᠷᠴᠢᠭᠤᠯᠭ᠎ᠠ ᠭᠡᠳᠡᠭ ᠳᠠᠩ ᠭᠠᠭᠴᠠ ᠦᠭᠡᠨ ᠳᠦ᠂ ᠥᠭᠦᠯᠡᠪᠦᠷᠢ ᠳᠦ ᠪᠠᠷᠢᠭᠳᠠᠳᠠᠭ ᠦᠭᠡᠢ ᠭᠡᠳᠡᠭ ᠢ ᠣᠶᠢᠯᠠᠭᠠᠵᠤ ᠠᠪᠤᠭᠰᠠᠨ᠃ 《ᠮᠥᠩᠭᠥᠨ ᠨᠣᠶᠠᠨ》 ᠳᠣᠲᠣᠷ᠎ᠠ ᠠᠴᠠ ᠪᠢ ᠯᠠᠪ ᠬᠤᠪᠢ ᠳᠤ ᠪᠠᠨ ᠬᠡᠵᠢᠶ᠎ᠡ ᠴᠤ ᠲᠡᠭᠡᠵᠦ ᠣᠷᠴᠢᠭᠤᠯᠵᠤ ᠳᠥᠩᠭᠡᠬᠦ ᠪᠡᠷ ᠦᠭᠡᠢ ᠨᠢᠭᠡ ᠥᠭᠦᠯᠡᠪᠦᠷᠢ ᠰᠣᠩᠭᠣᠵᠤ ᠠᠪᠤᠭᠠᠳ ᠣᠯᠠᠨ ᠵᠢᠯ ᠬᠠᠮᠲᠤ ᠠᠵᠢᠯᠯᠠᠭᠰᠠᠨ ᠴᠣᠶᠢᠵᠠᠯ ᠭᠡᠬᠦ ᠡᠪᠦᠭᠡᠨ ᠳᠦ 《ᠣᠷᠴᠢᠭᠤᠯ》 ᠭᠡᠳ ᠥᠭᠭᠦᠯ ᠡ᠃ ᠲᠡᠷᠡ ᠮᠠᠰᠢ ᠰᠠᠶᠢᠬᠠᠨ ᠨᠠᠶᠢᠷᠠᠭᠤᠯᠭ᠎ᠠ ᠲᠠᠢ ᠬᠦᠮᠦᠨ ᠪᠠᠶᠢᠭᠰᠠᠨ᠃ ᠤᠭ ᠨᠢ ᠪᠠᠰᠠ ᠯᠠ ᠮᠢᠨᠦ ᠨᠢᠭᠡ ᠪᠠᠭᠰᠢ᠃ ᠲᠡᠭᠡᠭᠰᠡᠨ ᠮᠥᠷᠲᠡᠯ᠎ᠡ ᠪᠢᠳᠡ ᠬᠣᠶᠠᠷ ᠶᠠᠭ ᠯᠠ ᠨᠠᠶᠢᠵᠠ ᠨᠤᠭᠤᠳ ᠰᠢᠬ ᠶᠠᠷᠢᠳᠠᠭ᠃ ᠲᠡᠳᠦᠬᠡᠨ ᠣᠷᠴᠢᠭᠤᠯᠤᠭᠰᠠᠨ ᠢ ᠨᠢ ᠷᠢ᠊
ᠪᠠᠭᠰᠢ ᠶᠢᠨ ᠬᠢ ᠲᠠᠢ ᠲᠤᠯᠭᠠᠲᠠᠯ᠎ᠠ ᠬᠣᠶᠠᠷ ᠦᠭᠡ ᠵᠥᠷᠢᠭᠡᠳ᠂ ᠪᠤᠰᠤᠳ ᠢᠶᠠᠷ ᠪᠣᠯ ᠨᠠᠶᠢᠷᠠᠭᠤᠯᠭ᠎ᠠ ᠨᠢ ᠶᠠᠭ ᠠᠳᠠᠯᠢ᠃ ᠬᠣᠶᠠᠷ ᠥᠭᠡᠷ᠎ᠡ ᠬᠦᠮᠦᠨ ᠨᠢᠭᠡ ᠨᠠᠶᠢᠷᠠᠭᠤᠯᠭ᠎ᠠ ᠪᠠᠷ ᠣᠷᠴᠢᠭᠤᠯᠤᠨ᠎ᠠ ᠭᠡᠳᠡᠭ ᠮᠣᠩᠭᠣᠯ ᠬᠡᠯᠡᠨ ᠦ ᠨᠠᠶᠢᠷᠠᠭᠤᠯᠬᠤ ᠶᠣᠰᠣ ᠴᠠᠭᠠᠨ᠎ᠠ ᠪᠠᠨ ᠨᠢᠭᠡ ᠪᠣᠯᠬᠤ ᠶᠢ ᠪᠠᠲᠤᠯᠠᠵᠤ ᠪᠤᠢ ᠬᠡᠷᠡᠭ᠃ ᠪᠢᠳᠡᠨ ᠦ ᠦᠶ᠎ᠡ ᠶᠢᠨ ᠬᠢᠨ ᠥᠪᠡᠷᠮᠢᠴᠡ ᠬᠡᠯᠡᠴᠡ ᠶᠢ ᠥᠪᠡᠷ ᠦᠨ ᠮᠡᠳᠡᠯ ᠦᠭᠡᠢ ᠬᠡᠷᠡᠭᠯᠡᠳᠡᠭ᠃ ᠶᠠᠭᠠᠬᠢᠭᠠᠳ ᠭᠡᠪᠡᠯ ᠠᠷᠪᠠᠨ ᠦᠭᠡ ᠪᠡᠷ ᠢᠯᠡᠷᠬᠡᠶᠢᠯᠡᠬᠦ ᠤᠳᠬ᠎ᠠ ᠶᠢ ᠬᠣᠶᠠᠷ ᠭᠤᠷᠪᠠᠨ ᠦᠭᠡ ᠪᠡᠷ ᠳᠦᠢᠯᠭᠡᠭᠡᠳ ᠣᠨᠣᠭᠠᠴᠢᠬᠠᠵᠤ ᠪᠤᠢ ᠬᠡᠷᠡᠭ᠃ ᠦᠭᠡ ᠬᠡᠮᠨᠡᠨ᠎ᠡ ᠭᠡᠳᠡᠭ ᠴᠢᠬᠤᠯᠠ᠃ ᠲᠤᠬᠠᠶᠢᠯᠠᠪᠠᠯ ᠵᠦᠢᠷ ᠰᠡᠴᠡᠨ ᠦᠭᠡ ᠭᠡᠳᠡᠭ ᠴᠢᠨᠢ ᠥᠪᠡᠷ ᠢᠶᠡᠨ ᠰᠢᠯᠦᠭ᠃ ᠤᠩᠰᠢᠬᠤ ᠳᠤ ᠬᠦᠷᠲᠡᠯ᠎ᠡ ᠬᠥᠭᠵᠢᠮᠯᠢᠭ᠃ ᠮᠣᠩᠭᠣᠯ ᠬᠡᠯᠡᠨ ᠦ ᠨᠠᠶᠢᠷᠠᠭᠤᠯᠭ᠎ᠠ ᠵᠦᠢ ᠶᠢᠨ ᠣᠨᠴᠠᠯᠢᠭ ᠡᠭᠦᠨ ᠳᠦ ᠯᠠ ᠪᠤᠢ᠃ ᠬᠡᠯᠡ ᠭᠡᠳᠡᠭ ᠴᠢᠨᠢ ᠬᠡᠷᠡᠭᠯᠡᠭᠡ ᠤᠷᠤᠭᠤ ᠪᠡᠨ ᠬᠡᠲᠦ ᠣᠶᠢᠷᠠᠳᠪᠠᠯ ᠤᠶᠠᠩᠭᠠᠯᠢᠭ ᠰᠠᠶᠢᠬᠠᠨ ᠢᠶᠠᠨ ᠠᠯᠠᠳᠠᠳᠠᠭ᠃ ᠷᠢ᠊ ᠪᠠᠭᠰᠢ ᠶᠢᠨ ᠰᠢᠯᠦᠭ ᠲᠦ 《ᠬᠥᠭᠵᠢᠮ ᠮᠡᠲᠦ ᠢᠷᠠᠭᠤ ᠪᠠᠶᠠᠰᠬᠤᠯᠠᠩᠲᠤ ᠮᠣᠩᠭᠣᠯ ᠬᠡᠯᠡ ᠮᠢᠨᠢ》 ᠭᠡᠰᠡᠨ ᠮᠥᠷ ᠪᠤᠢ᠃ ᠲᠡᠷᠡ ᠬᠥᠭᠵᠢᠮᠯᠢᠭ ᠴᠢᠨᠠᠷ ᠢ ᠮᠠᠨ ᠤ ᠬᠣᠶᠢᠴᠢ ᠦᠶ᠎ᠡ ᠠᠯᠳᠠᠵᠤ ᠭᠡᠭᠡᠬᠦ ᠤᠴᠢᠷ ᠦᠭᠡᠢ᠂ ᠪᠦᠷ ᠬᠠᠳᠠᠭᠠᠯᠠᠨ ᠬᠠᠮᠠᠭᠠᠯᠠᠬᠤ ᠶᠣᠰᠣᠲᠠᠢ᠃ ᠷᠢ᠊ ᠪᠠᠭᠰᠢ ᠶᠢ ᠤᠩᠰᠢ᠃ ᠳᠠ᠊ ᠪᠠᠭᠰᠢ ᠶᠢ ᠤᠩᠰᠢ᠃ ᠡᠨᠡ ᠬᠣᠶᠠᠷ ᠠᠴᠠ ᠨᠠᠶᠢᠷᠠᠭᠤᠯᠭ᠎ᠠ ᠶᠢᠨ ᠢᠯᠭᠠᠭ᠎ᠠ ᠮᠠᠰᠢ ᠲᠣᠳᠣ ᠬᠠᠷᠠᠭᠳᠠᠨ᠎ᠠ᠃ ᠳᠠ᠊ ᠪᠠᠭᠰᠢ ᠡᠩ ᠦᠨ ᠪᠣᠭᠣᠨᠢ ᠦᠭᠦᠯᠡᠪᠦᠷᠢ ᠪᠡᠷ ᠬᠦᠦᠷᠨᠢᠳᠡᠭ ᠪᠣᠯ ᠷᠢ᠊ ᠪᠠᠭᠰᠢ ᠤᠷᠲᠤ ᠤᠷᠲᠤ ᠦᠭᠦᠯᠡᠪᠦᠷᠢ ᠪᠡᠷ ᠪᠢᠴᠢᠳᠡᠭ᠃ ᠲᠡᠭᠡᠭᠰᠡᠨ ᠮᠥᠷᠲᠡᠯ ᠡ ᠤᠩᠰᠢᠭᠠᠳ ᠪᠦᠭᠦᠳᠡ ᠣᠶᠢᠯᠠᠭᠠᠳᠠᠭ᠃ ᠫᠤᠱᠺᠢᠨ᠂ ᠲᠣᠯᠰᠲ᠋ᠣᠢ ᠬᠣᠶᠠᠷ ᠤᠨ ᠨᠠᠶᠢᠷᠠᠭᠤᠯᠭ᠎ᠠ ᠪᠠᠰᠠ ᠲᠡᠶᠢᠮᠦ᠃ ᠫᠤᠱᠺᠢᠨ ᠪᠣᠭᠣᠨᠢ᠂ ᠲᠣᠯᠰᠲ᠋ᠣᠢ ᠤᠷᠲᠤ᠃ ᠴᠢᠨᠠᠭᠰᠢᠯᠠᠭᠠᠳ ᠢᠷᠠᠭᠤ ᠨᠠᠶᠢᠷᠠᠭᠴᠢᠳ ᠠᠴᠠ ᠫᠦᠷᠪᠦᠳᠣᠷᠵᠢ᠂ ᠢᠪᠠᠤᠬᠤᠯᠠᠨ ᠢ ᠤᠩᠰᠢᠬᠤ ᠬᠡᠷᠡᠭᠲᠡᠢ᠃ ᠡᠨᠡ ᠳᠥᠷᠪᠡ ᠶᠢ ᠤᠩᠰᠢᠭᠠᠳ ᠭᠦᠢᠴᠡᠴᠢᠬᠡᠪᠡᠯ ᠮᠣᠩᠭᠣᠯ ᠢᠶᠠᠷ ᠠᠶᠠᠲᠠᠢ ᠰᠠᠶᠢᠬᠠᠨ ᠨᠠᠶᠢᠷᠠᠭᠤᠯᠳᠠᠭ ᠪᠣᠯᠴᠢᠬᠠᠨ᠎ᠠ᠃ ᠶᠡᠷᠦ ᠨᠢ ᠲᠣᠯᠣᠭᠠᠢ ᠥᠭᠡᠳᠡ ᠲᠠᠲᠠᠬᠤ ᠦᠭᠡᠢ ᠤᠩᠰᠢᠵᠤ ᠪᠠᠶᠢᠵᠤ ᠯᠠ ᠮᠣᠩᠭᠣᠯ ᠬᠡᠯᠡᠨ ᠦ ᠨᠠᠶᠢᠷᠠᠭᠤᠯᠬᠤ ᠶᠣᠰᠣᠨ ᠳᠤ ᠰᠤᠷᠤᠯᠴᠠᠨ᠎ᠠ᠃

ᠶᠠᠷᠢᠯᠴᠠᠯᠭ᠎ᠠ ᠨᠤᠭᠤᠳ ᠠᠴᠠ ᠨᠢ ᠲᠣᠶᠢᠮᠣᠯᠠᠨ ᠠᠪᠤᠪᠠ᠃



ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ

ᠪᠤᠰᠤᠳ ᠨᠡᠶᠢᠲᠡᠯᠡᠯ