MN / MNG

2022-05-17
ᠠᠵᠢᠯ ᠤᠨ ᠠᠯᠪᠠ

ᠠᠵᠢᠯ ᠤᠨ ᠠᠯᠪᠠ


ᠮᠣᠩᠭᠣᠯ ᠬᠡᠯᠡᠨ ᠦ ᠲᠤᠬᠠᠢ ᠬᠠᠤᠯᠢ ᠶᠢᠨ 6 ᠳ᠋ᠤᠭᠠᠷ ᠪᠦᠯᠦᠭ᠂ 21 ᠳ᠋ᠦ᠋ᠭᠡᠷ ᠵᠦᠢᠯ ᠦᠨ 21.5 ᠍ ᠲᠤ ᠵᠥᠪᠯᠡᠯ ᠣᠷᠣᠨ ᠲᠣᠭᠠᠨ ᠤ ᠠᠵᠢᠯ ᠤᠨ ᠠᠯᠪᠠ ᠲᠠᠢ ᠪᠠᠶᠢᠬᠤ ᠪᠠ ᠲᠡᠭᠦᠨ ᠦ ᠡᠳᠦᠷ ᠲᠤᠲᠤᠮ ᠤᠨ ᠦᠢᠯᠡ ᠠᠵᠢᠯᠯᠠᠭ᠎ᠠ ᠶᠢ ᠠᠵᠢᠯ ᠤᠨ ᠠᠯᠪᠠᠨ ᠤ ᠳᠠᠷᠤᠭ᠎ᠠ ᠤᠳᠤᠷᠢᠳᠤᠨ ᠶᠠᠪᠤᠭᠤᠯᠤᠨ᠎ᠠ ᠭᠡᠵᠦ ᠵᠢᠭᠠᠭᠰᠠᠨ ᠤ ᠳᠠᠭᠠᠤ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠶᠢᠨ 2016 ᠣᠨ ᠤ 19 ᠳ᠋ᠦ᠋ᠭᠡᠷ ᠵᠠᠬᠢᠷᠤᠮᠵᠢ ᠪᠠᠷ ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ ᠦᠨ ᠠᠵᠢᠯ ᠤᠨ ᠠᠯᠪᠠᠨ ᠤ ᠪᠦᠲᠦᠴᠡ᠂ ᠣᠷᠣᠨ ᠲᠣᠭ᠎ᠠ ᠶᠢ ᠪᠠᠲᠤᠯᠠᠭᠰᠠᠨ᠃ ᠠᠵᠢᠯ ᠤᠨ ᠠᠯᠪᠠ ᠨᠢ ᠳᠠᠷᠤᠭ᠎ᠠ᠂ 2 ᠠᠵᠢᠯᠲᠠᠨ᠂ ᠨᠢᠭᠲᠠᠯᠠᠨ ᠪᠣᠳᠣᠭᠴᠢ ᠭᠡᠰᠡᠨ 4 ᠣᠷᠣᠨ ᠲᠣᠭ᠎ᠠ ᠲᠠᠢ ᠠᠵᠢᠯᠯᠠᠵᠤ ᠪᠠᠶᠢᠨ᠎ᠠ᠃

ᠠᠵᠢᠯ ᠤᠨ ᠠᠯᠪᠠᠨ ᠤ ᠦᠨᠳᠦᠰᠦᠨ ᠴᠢᠭ ᠡᠭᠦᠷᠭᠡ ᠨᠢ ᠢᠷᠭᠡᠳ᠂ ᠪᠠᠶᠢᠭᠤᠯᠤᠯᠭ᠎ᠠ ᠠᠴᠠ ᠢᠷᠡᠭᠰᠡᠨ ᠬᠦᠰᠡᠯᠲᠡ ᠶᠢ ᠰᠤᠳᠤᠯᠬᠤ᠂ ᠲᠤᠬᠠᠢ ᠶᠢᠨ ᠠᠰᠠᠭᠤᠳᠠᠯ ᠢᠶᠠᠷ ᠱᠠᠭᠠᠷᠳᠠᠯᠭ᠎ᠠ ᠲᠠᠢ ᠲᠣᠬᠢᠶᠠᠯᠳᠤᠯ ᠳᠤ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠪᠠᠷ ᠰᠠᠨᠠᠯ᠂ ᠳ᠋ᠦᠩᠨᠡᠯᠲᠡ ᠭᠠᠷᠭᠠᠭᠤᠯᠤᠨ ᠬᠦᠰᠡᠯᠲᠡ ᠭᠠᠷᠭᠠᠭᠴᠢᠳ ᠬᠠᠷᠢᠭᠤ ᠥᠭᠬᠦ᠂ ᠬᠣᠯᠪᠣᠭᠳᠠᠬᠤ ᠪᠠᠶᠢᠭᠤᠯᠤᠯᠭ᠎ᠠ ᠳᠤ ᠤᠯᠠᠮᠵᠢᠯᠠᠬᠤ᠂ ᠵᠥᠪᠯᠡᠯ ᠦᠨ ᠦᠢᠯᠡ ᠠᠵᠢᠯᠯᠠᠭ᠎ᠠ ᠶᠢ ᠮᠣᠩᠭᠣᠯ ᠰᠤᠳᠤᠯᠤᠯ ᠤᠨ ᠴᠢᠭᠯᠡᠯ ᠦᠨ ᠶᠡᠬᠡ᠂ ᠳᠡᠭᠡᠳᠦ ᠰᠤᠷᠭᠠᠭᠤᠯᠢ᠂ ᠰᠤᠳᠤᠯᠭᠠᠨ ᠤ ᠪᠠᠶᠢᠭᠤᠯᠤᠯᠭ᠎ᠠ᠂ ᠬᠣᠯᠪᠣᠭᠳᠠᠬᠤ ᠵᠥᠪᠯᠡᠯ ᠦᠳ ᠦᠨ ᠦᠢᠯᠡ ᠠᠵᠢᠯᠯᠠᠭ᠎ᠠ ᠲᠠᠢ ᠤᠶᠠᠯᠳᠤᠭᠤᠯᠤᠨ ᠵᠣᠬᠢᠶᠠᠨ ᠪᠠᠶᠢᠭᠤᠯᠬᠤ᠂ ᠮᠣᠩᠭᠣᠯ ᠬᠡᠯᠡᠨ ᠦ ᠲᠤᠬᠠᠢ ᠬᠠᠤᠯᠢ ᠶᠢᠨ 5 ᠳ᠋ᠤᠭᠠᠷ ᠪᠦᠯᠦᠭ ᠲᠦ ᠵᠢᠭᠠᠭᠰᠠᠨ ᠲᠥᠷᠥ ᠶᠢᠨ ᠪᠣᠯᠤᠨ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ᠂ ᠬᠠᠤᠯᠢ ᠶᠢᠨ ᠡᠲᠡᠭᠡᠳ ᠦᠨ ᠬᠠᠤᠯᠢ ᠪᠠᠷ ᠬᠦᠯᠢᠶᠡᠭᠰᠡᠨ ᠡᠭᠦᠷᠭᠡ ᠶᠢᠨ ᠪᠡᠶᠡᠯᠡᠯᠲᠡ ᠳᠦ ᠬᠢᠨᠠᠯᠲᠠ ᠲᠠᠯᠪᠢᠵᠤ ᠠᠵᠢᠯᠯᠠᠬᠤ᠂ ᠭᠦᠢᠴᠡᠳᠭᠡᠭᠰᠡᠨ ᠠᠵᠢᠯ ᠤᠨ ᠲᠠᠯ᠎ᠠ ᠪᠠᠷ ᠮᠡᠳᠡᠭᠡᠯᠡᠯ ᠰᠤᠨᠤᠰᠬᠤ᠂ ᠵᠥᠪᠯᠡᠮᠵᠢ ᠬᠦᠷᠭᠡᠭᠦᠯᠬᠦ᠂ ᠮᠣᠩᠭᠣᠯ ᠬᠡᠯᠡᠨ ᠦ ᠲᠤᠬᠠᠢ ᠬᠠᠤᠯᠢ ᠶᠢ ᠵᠥᠷᠢᠴᠡᠭᠰᠡᠨ ᠲᠤᠬᠠᠢ ᠮᠡᠳᠡᠭᠡᠯᠡᠯ ᠢ ᠰᠤᠳᠤᠯᠬᠤ᠂ ᠡᠷᠬᠡ ᠪᠦᠬᠦᠢ ᠠᠯᠪᠠᠨ ᠲᠤᠰᠢᠶᠠᠯᠲᠠᠨ ᠳᠤ ᠲᠠᠨᠢᠯᠴᠠᠭᠤᠯᠬᠤ᠂ ᠰᠢᠯᠵᠢᠭᠦᠯᠬᠦ᠂ ᠰᠤᠳᠤᠯᠬᠤ᠂ ᠪᠦᠷᠢᠨ ᠡᠷᠬᠡ ᠶᠢᠨ ᠢᠶᠡᠨ ᠬᠦᠷᠢᠶᠡᠨ ᠳᠦ ᠱᠠᠭᠠᠷᠳᠠᠯᠭ᠎ᠠ ᠲᠠᠢ ᠠᠷᠭ᠎ᠠ ᠬᠡᠮᠵᠢᠶ᠎ᠡ ᠠᠪᠴᠤ ᠬᠡᠷᠡᠭᠵᠢᠭᠦᠯᠬᠦ ᠵᠡᠷᠭᠡ ᠳᠦ ᠣᠷᠣᠰᠢᠨ᠎ᠠ᠃




ᠪᠢᠴᠢᠭᠰᠡᠨ᠄ ᠠᠵᠢᠯ ᠤᠨ ᠠᠯᠪᠠ


Бичсэн: Ажлын алба