MN / MNG

2023-03-02
ᠮᠣᠩ᠋ᠭᠣᠯ ᠤᠯᠤᠰ  ᠤᠨ ᠠᠷᠠᠳ  ᠤᠨ ᠪᠠᠭᠰᠢ᠂ ᠰᠣᠶᠤᠯ  ᠤᠨ ᠭᠠᠪᠢᠶᠠᠲᠤ ᠵᠢᠳᠬᠦᠯᠲᠡᠨ᠂ ᠳᠣᠻᠲ᠋ᠣᠷ (PhD)᠂ ᠫᠷᠣᠹᠧᠰᠰᠣᠷ᠂  ᠯᠤᠪᠰᠠᠩᠳᠠᠮᠪᠠ ᠶ᠋ᠢᠨ ᠳᠠᠰᠢᠨᠢᠮ᠎ᠠ ᠶ᠋ᠢ ᠵᠥᠪᠯᠡᠯ ᠋ ᠤᠨ ᠳᠠᠷᠤᠭ᠎ᠠ ᠪᠠᠷ ᠲᠣᠮᠢᠯᠠᠯ᠎ᠠ

ᠮᠣᠩ᠋ᠭᠣᠯ ᠤᠯᠤᠰ  ᠤᠨ ᠠᠷᠠᠳ  ᠤᠨ ᠪᠠᠭᠰᠢ᠂ ᠰᠣᠶᠤᠯ  ᠤᠨ ᠭᠠᠪᠢᠶᠠᠲᠤ ᠵᠢᠳᠬᠦᠯᠲᠡᠨ᠂ ᠳᠣᠻᠲ᠋ᠣᠷ (PhD)᠂ ᠫᠷᠣᠹᠧᠰᠰᠣᠷ᠂ ᠯᠤᠪᠰᠠᠩᠳᠠᠮᠪᠠ ᠶ᠋ᠢᠨ ᠳᠠᠰᠢᠨᠢᠮ᠎ᠠ ᠶ᠋ᠢ ᠵᠥᠪᠯᠡᠯ ᠋ ᠤᠨ ᠳᠠᠷᠤᠭ᠎ᠠ ᠪᠠᠷ ᠲᠣᠮᠢᠯᠠᠯ᠎ᠠ


ᠮᠣᠩ᠋ᠭᠤᠯ ᠤᠯᠤᠰ  ᠤᠨ ᠶᠡᠷᠦᠩᠬᠡᠢᠢᠯᠡᢉᠴᠢ ᠶ᠋ᠢᠨ ᠒᠐᠒᠒ ᠣᠨ ᠤ ᠑᠑ ᠳ᠋ᠤᠭᠡᠷ ᠰᠠᠷ᠎ᠠ ᠶ᠋ᠢᠨ ᠒᠕- ᠤ ᠡᠳᠦᠷ ᠤᠨ ᠒᠒᠖ ᠳ᠋ᠤᠭᠠᠷ ᠵᠠᠷᠯᠢᠭ  ᠢᠢᠠᠷ ᠣᠯᠠᠨ ᠤᠯᠤᠰ  ᠤᠨ ᠡᠳ᠋  ᠤᠨ ᠵᠠᠰᠠᠭᠴᠢ᠂ ᠰᠢᠨᠵᠢᠯᠡᠬᠦ ᠤᠬᠠᠭᠠᠨ ᠰᠤᠳᠤᠯᠤᠭᠠᠴᠢ᠂ ᠮᠣᠩ᠋ᠭᠣᠯ ᠰᠤᠳᠤᠯᠤᠭᠠᠴᠢ᠂ ᠵᠣᠬᠢᠶᠠᠯᠴᠢ᠂ ᠢᠷᠠᠭᠤ ᠨᠠᠢᠷᠠᠭᠴᠢ᠂ ᠨᠡᠢᠭᠡᠮ ᠦᠨ ᠵᠢᠳᠬᠦᠯᠲᠡᠨ᠂ ᠳᠣᠻᠲ᠋ᠣᠷ (PhD)᠂ ᠫᠷᠣᠹᠧᠰᠰᠣᠷ᠂ ᠮᠣᠩ᠋ᠭᠣᠯ ᠤᠯᠤᠰ  ᠤᠨ ᠠᠷᠠᠳ  ᠤᠨ ᠪᠠᠭᠰᠢ᠂ ᠰᠣᠶᠤᠯ  ᠤᠨ ᠭᠠᠪᠢᠶᠠᠲᠤ ᠵᠢᠳᠬᠦᠯᠲᠡᠨ ᠯᠤᠪᠰᠠᠩᠳᠠᠮᠪᠠ᠋ ᠤᠨ ᠳᠠᠰᠢᠨᠢᠮ᠎ᠠ ᠶ᠋ᠢ ᠮᠣᠩ᠋ᠭᠣᠯ ᠤᠯᠤᠰ  ᠤᠨ ­ᠶᠡᠷᠦᠩᠬᠡᠢᠢᠯᠡᢉᠴᠢ ᠶ᠋ᠢᠨ ᠳᠡᠷᠭᠡᠳᠡᠬᠢ ᠬᠡᠯᠡᠨ ᠤ ᠪᠣᠳᠤᠯᠭ᠎ᠠ ᠶ᠋ᠢᠨ ᠦᠨᠳᠦᠰᠦᠨ ᠤ ᠵᠥᠪᠯᠡᠯ  ᠤᠨ ᠳᠠᠷᠤᠭ᠎ᠠ ᠪᠠᠷ ᠲᠣᠮᠢᠯᠠᠯ᠎ᠠ᠃



ᠮᠣᠩ᠋ᠭᠤᠯ ᠤᠯᠤᠰ  ᠤᠨ ­ᠶᠡᠷᠦᠩᠬᠡᠢᠢᠯᠡᢉᠴᠢ ᠶ᠋ᠢᠨ ᠳᠡᠷᠭᠡᠳᠡᠬᠢ ᠬᠡᠯᠡᠨ ᠤ ᠪᠣᠳᠤᠯᠭ᠎ᠠ ᠶ᠋ᠢᠨ ᠦᠨᠳᠦᠰᠦᠨ ᠤ ᠵᠥᠪᠯᠡᠯ  ᠤᠨ ᠳᠠᠷᠤᠭ᠎ᠠ

ᠭᠥᠷᠦᠭᠡᠴᠢᠳ ᠯᠤᠪᠰᠠᠩᠳᠠᠮᠪᠠ  ᠤᠨ ᠳᠠᠰᠢᠨᠢᠮ᠎ᠠ ᠶ᠋ᠢᠨ ᠨᠠᠮᠲᠠᠷ



ᠠᠷᠤᠬᠠᠩ᠋ᠭᠠᠢ ᠠᠢᠮᠠᠭ  ᠤᠨ ᠲᠥᠪᠰᠢᠷᠡᢉᠦᠯᠬᠦ ᠰᠤᠮᠤ ᠶ᠋ᠢᠨ ᠤᠤᠭᠠᠯ᠃ ᠑᠙᠔᠓ ᠣᠨ ᠳ᠋ᠤ ᠲᠥᠷᠦᢉᠰᠡᠨ᠃

ᠠᠷᠤᠬᠠᠩ᠋ᠭᠠᠢ᠂ ᠤᠯᠠᠭᠠᠨᠪᠠᠭᠠᠲᠤᠷ ᠲᠤ ᠑᠐ ᠵᠢᠯ  ᠤᠨ ᠰᠤᠷᠭᠠᠭᠤᠯᠢ᠂ ᠮᠣᠰᠻᠸᠠ ᠬᠣᠲᠠᠨ᠎ᠠ ᠣᠯᠠᠨ ᠤᠯᠤᠰ  ᠤᠨ ᠬᠠᠷᠢᠯᠴᠠᠭᠠᠨ ᠤ ᠳᠡᠭᠡᠳᠦ ᠰᠤᠷᠭᠠᠭᠤᠯᠢ᠂ ᠮᠥᠨ ᠮᠣᠰᠻᠸᠠ ᠬᠣᠲᠠᠨ᠎ᠠ ᠣᠷᠤᠰ  ᠤᠨ ᠬᠣᠯᠪᠤᠭᠠᠨ ᠤ ᠤᠯᠤᠰ  ᠤᠨ ᠰᠢᠨᠵᠢᠯᠡᠬᠦ ᠤᠬᠠᠭᠠᠨ ᠤ ᠠᠻᠠᠳ᠋ᠧᠮᠢ ᠶ᠋ᠢᠨ ᠪᠠᠢᠭᠠᠯᠢ ᠶ᠋ᠢᠨ ᠰᠢᠨᠵᠢᠯᠡᠯ᠂ ᠲᠧᠾᠨᠢᠭ  ᠤᠨ ᠲᠡᠦᠬᠡ ᠶ᠋ᠢᠨ ᠬᠦᠷᠢᠶᠨᠯᠡᠩ  ᠤᠨ ᠠᠰᠫᠢᠷᠠᠨᠲ᠋ᠤᠷ ᠢ ᠳᠦᢉᠦᠷᠬᠡᠵᠡᠢ᠃ ᠣᠯᠠᠨ ᠤᠯᠤᠰ  ᠤᠨ ᠡᠳ᠋  ᠤᠨ ᠵᠠᠰᠠᠭᠴᠢ᠂ ᠰᠢᠨᠵᠢᠯᠡᠬᠦ ᠤᠬᠠᠭᠠᠨ ᠰᠤᠳᠤᠯᠤᠭᠠᠴᠢ᠂ ᠮᠣᠩ᠋ᠭᠣᠯ ᠰᠤᠳᠤᠯᠤᠭᠠᠴᠢ᠂ ᠵᠣᠬᠢᠶᠠᠯᠴᠢ᠂ ᠢᠷᠠᠭᠤ ᠨᠠᠢᠷᠠᠭᠴᠢ᠂ ᠨᠡᠢᠭᠡᠮ ᠋᠋᠋᠋ ᠤᠨ ᠵᠢᠳᠬᠦᠯᠲᠡᠨ᠂ ᠳᠣᠻᠲ᠋ᠣᠷ (PhD)᠂ ᠫᠷᠤᠹᠧᠰᠰᠤᠷ᠃

ᠮᠣᠩ᠋ᠭᠣᠯ ᠤᠯᠤᠰ  ᠤᠨ ᠠᠷᠠᠳ  ᠤᠨ ᠪᠠᠭᠰᠢ᠂ ᠰᠣᠶᠤᠯ  ᠤᠨ ᠭᠠᠪᠢᠶᠠᠲᠤ ᠵᠢᠳᠬᠦᠯᠲᠡᠨ᠂ ᠣᠷᠤᠰ  ᠤᠨ ᠬᠣᠯᠪᠤᠭᠠᠨ ᠤ ᠤᠯᠤᠰ  ᠤᠨ ᠲᠤᠸᠠ ᠤᠯᠤᠰ  ᠤᠨ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ᠂ ᠰᠢᠨᠵᠢᠯᠡᠬᠦ ᠤᠬᠠᠭᠠᠨ ᠤ ᠪᠣᠯᠤᠨ ᠠᠷᠠᠳ  ᠤᠨ ᠪᠣᠯᠪᠠᠰᠤᠷᠠᠯ᠂ ᠰᠣᠶᠤᠯ  ᠤᠨ ᠲᠡᠷᠢᢉᠦᠨ ᠤ ᠠᠵᠢᠯᠲᠠᠨ᠂ ᠲᠠ‍᠂ ᠨᠠᠴᠤᠭᠳᠣᠷᠵᠢ᠂ ᠰᠤ‍᠂ ᠪᠤᠶᠠᠨᠨᠡᠮᠡᠬᠦ᠂ ᠣ᠂ ᠨᠠᠮᠨᠠᠩᠳᠣᠷᠵᠢ ᠨᠠᠷ  ᠤᠨ ᠨᠡᠷᠡᠮᠵᠢᠲᠦ ᠱᠠᠩᠨᠠᠯᠲᠠᠨ᠃

ᠮᠣᠩ᠋ᠭᠣᠯ  ᠤᠨ ᠬᠦᠮᠦᠨᠯᠢᠭ  ᠤᠨ ᠤᠬᠠᠭᠠᠨ ᠤ ᠠᠻᠠᠳ᠋ᠧᠮᠢ ᠶ᠋ᠢᠨ ᠶᠡᠷᠦᠩᠬᠡᠢᠢᠯᠡᢉᠴᠢ᠂ ᠮᠣᠩ᠋ᠭᠤᠯ ᠤᠯᠠᠮᠵᠢᠯᠠᠯ ᠠᠻᠠᠳ᠋ᠧᠮᠢ ᠶ᠋ᠢᠨ ᠲᠡᠷᠢᢉᠦᠨ᠂ ᠹᠢᠯᠤᠰᠤᠹᠢ ᠶ᠋ᠢᠨ ᠬᠦᠷᠢᠶᠡᠯᠡᠩ  ᠤᠨ ᠡᠷᠳᠡᠮ  ᠤᠨ ᠵᠥᠪᠯᠡᠯ  ᠤᠨ ᠭᠡᠰᠢᢉᠦᠨ᠂ 《ᠢᠳᠡᠷ》 ᠶᠡᠬᠡ ᠰᠤᠷᠭᠠᠭᠤᠯᠢ ᠶ᠋ᠢᠨ ᠬᠦᠨᠳᠦᠲᠦ ᠶᠡᠷᠦᠩᠬᠡᠢᠢᠯᠡᢉᠴᠢ᠂ 《ᠰᠣᠶᠤᠯ ᠡᠷᠳᠡᠮ》 ᠳᠡᠭᠡᠳᠦ ᠰᠤᠷᠭᠠᠭᠤᠯᠢ ᠶ᠋ᠢᠨ ᠤᠳᠤᠷᠢᠳᠬᠤ ᠵᠥᠪᠯᠡᠯ  ᠤᠨ ᠭᠡᠰᠢᢉᠦᠨ᠂ 《ᠴᠢᠩᢉᠢᠰ ᠬᠠᠭᠠᠨ》 ᠬᠠᠭᠠᠳ  ᠤᠨ ᠮᠦᠽᠧᠢ ᠶ᠋ᠢᠨ ᠡᠷᠳᠡᠮ  ᠤᠨ ᠵᠥᠪᠯᠡᠯ  ᠤᠨ ᠭᠡᠰᠢᢉᠦᠨ᠂ ᠰᠢᠨᠵᠢᠯᠡᠬᠦ ᠤᠬᠠᠭᠠᠨ ᠤ ᠠᠻᠠᠳ᠋ᠧᠮᠢ ᠶ᠋ᠢᠨ ᠣᠯᠠᠨ ᠤᠯᠤᠰ  ᠤᠨ ᠬᠠᠷᠢᠯᠴᠠᠭᠠᠨ ᠤ ᠬᠦᠷᠢᠶᠡᠯᠡᠩ  ᠤᠨ ᠬᠦᠨᠳᠦᠲᠦ ᠫᠷᠣᠹᠧᠰᠰᠣᠷ᠂ ᠥᠪᠦᠷ ᠮᠣᠩ᠋ᠭᠣᠯ  ᠤᠨ ᠥᠪᠡᠷ ᠲᠦ ᠪᠡᠨ ᠵᠠᠰᠠᠬᠤ ᠣᠷᠤᠨ ᠤ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠤᠭᠲᠤᠬᠤ ᠫᠷᠤᠹᠧᠰᠰᠤᠷ᠂ ᠣᠯᠠᠨ ᠤᠯᠤᠰ  ᠤᠨ ᠲᠩᠷᠢ ᠰᠤᠳᠤᠯᠤᠯ  ᠤᠨ ᠰᠠᠩ  ᠤᠨ /ᠶᠠᠻᠦ᠋ᠲ/ ᠳᠡᠳ᠋ ᠳᠠᠷᠤᠭ᠎ᠠ᠂ 《ᠠᠯᠲᠠᠢ ᠶ᠋ᠢᠨ ᠤᠯᠤᠰ  ᠤᠨ ᠰᠣᠶᠤᠯ  ᠤᠨ ᠳᠡᠭᠡᠳᠦ ᠰᠤᠷᠭᠠᠭᠤᠯᠢ》᠆  ᠢᠢᠨ / ᠣᠷᠤᠰ  ᠤᠨ ᠬᠣᠯᠪᠤᠭᠠᠨ ᠤ ᠤᠯᠤᠰ  ᠤᠨ ᠠᠯᠲᠠᠢ ᠶ᠋ᠢᠨ ᠬᠢᠵᠠᠭᠠᠷ/ 《ᠡᠷᠳᠡᠮ ᠰᠢᠨᠵᠢᠯᠡᠭᠡᠨ ᠤ ᠪᠢᠴᠢᠭ᠌》 ᠰᠡᠳᠬᠦᠯ  ᠤᠨ ᠷᠧᠳ᠋ᠠᠻᠼᠢ ᠶ᠋ᠢᠨ ᠵᠥᠪᠯᠡᠯ  ᠤᠨ ᠭᠡᠰᠢᢉᠦᠨ᠃
ᠠᠷᠠᠳᠴᠢᠯᠠᠯ ᠢ ᠬᠥᢉᠵᠢᢉᠦᠯᠬᠦ᠂ ᠤᠯᠤᠰ ᠲᠥᠷᠦ ᠡᠳ᠋  ᠤᠨ ᠵᠠᠰᠠᠭ ᠢ ᠬᠥᢉᠵᠢᠯ  ᠤᠨ ᠰᠢᠨ᠎ᠡ ᠵᠠᠮᠨᠠᠯ ᠳ᠋ᠤ ᠳᠡᠪᠰᠢᢉᠦᠯᠬᠦ᠂ ᠨᠡᠢᠭᠡᠮ  ᠤᠨ ᠥᠭᠡᠷᠡᠴᠢᠯᠡᠯᠲᠡ᠂ ᠰᠢᠨᠡᠳᠬᠡᠯ ᠢ ᠪᠤᠢ ᠪᠣᠯᠭᠠᠬᠤ ᠵᠣᠷᠢᠯᠲᠠ ᠨᠤᠭᠤᠳ ᠢ ᠬᠡᠷᠡᢉᠵᠢᢉᠦᠯᠬᠦ ᠣᠨᠤᠯ᠂ ᠫᠷᠠᠻᠲ᠋ᠢᠺ  ᠤᠨ ᠬᠠᠮᠢᠶᠠᠷᠤᠯ ᠲᠠᠢ ᠣᠯᠠᠨ ᠠᠵᠢᠯ ᠦᠢᠯᠡ ᠳ᠋ᠦ ᠑᠙᠙᠐ ᠣᠨ ᠡᠴᠠ ᠬᠣᠢᠰᠢ ᠬᠦᠴᠦᠨ ᠵᠢᠳᠬᠦᠵᠦ ᠢᠷᠡᢉᠰᠡᠨ᠃ ᠑᠙᠙᠐᠆ ᠑᠙᠙᠒ ᠣᠨ ᠨᠤᠭᠤᠳ ᠲᠤ ᠠᠷᠠᠳ  ᠤᠨ ᠶᠡᠬᠡ ᠬᠤᠷᠠᠯ  ᠤᠨ ᠣᠷᠤᠯᠠᠭᠴᠢ ᠳᠠᠷᠤᠭ᠎ᠠ᠂ ᠑᠙᠙᠒- ᠑᠙᠙᠖ ᠣᠨ ᠨᠤᠭᠤᠳ ᠲᠤ ᠤᠯᠠᠭᠠᠨᠪᠠᠭᠠᠲᠤᠷ ᠬᠣᠲᠠ ᠶ᠋ᠢᠨ ᠢᠷᠭᠡᠳ ᠤᠨ ᠲᠥᠯᠦᠭᠡᠯᠡᢉᠴᠢᠳ  ᠤᠨ ᠬᠤᠷᠠᠯ  ᠤᠨ ᠲᠡᠷᠢᢉᠦᠯᠡᢉᠴᠢ ᠭᠡᠰᠢᢉᠦᠨ  ᠢᠢᠡᠷ ᠠᠵᠢᠯᠯᠠᠵᠤ ᠪᠠᠢᠭᠰᠠᠨ ᠪᠥᠭᠡᠳ ᠒᠐᠐᠑ ᠣᠨ ᠳ᠋ᠤ ᠪᠣᠯᠤᠭᠰᠠᠨ ᠶᠡᠷᠦᠩᠬᠡᠢᠢᠯᠡᢉᠴᠢ ᠶ᠋ᠢᠨ ᠰᠣᠩ᠋ᠭᠤᠭᠤᠯᠢ ᠳ᠋ᠤ ᠣᠷᠤᠯᠴᠠᠵᠤ ᠪᠠᠢᠪᠠ᠃

ᠪᠢᠴᠢᠵᠦ ᠲᠤᠭᠤᠷᠪᠢᠭᠰᠠᠨ᠂ ᠡᠷᠬᠢᠯᠡᠵᠦ ᠨᠡᠢᠲᠡᠯᠡᢉᠰᠡᠨ ᠪᠣᠯᠤᠨ ᠣᠷᠴᠢᠭᠤᠯᠭ᠎ᠠ᠂ ᠰᠤᠳᠤᠯᠭᠠᠨ ᠤ ᠕᠐ ᠭᠠᠷᠤᠢ ᠨᠣᠮ ᠲᠠᠢ᠃ ᠲᠡᢉᠦᠨ ᠤ ᠪᠢᠴᠢᢉᠰᠡᠨ 《ᠮᠡᠳᠡᠯᠭᠡ᠂ ᠲᠡᢉᠦᠨ ᠢ ᠬᠡᠷᠡᢉᠯᠡᠬᠦ ᠨᠢ》᠂ 《ᠮᠡᠳᠡᠬᠦᠢ ᠪᠡᠨ ᠪᠡᠷᠬᠡ ᠶ᠋ᠢ ᠦᠵᠡᠬᠦᠢ ᠪᠡᠨ ᠬᠢᠯᠪᠠᠷ ᠪᠣᠯᠭᠠᠭᠰᠠᠨ ᠥᠴᠦᠬᠡᠨ ᠳᠡᠪᠲᠡᠷ》᠂ 《ᠮᠣᠩ᠋ᠭᠤᠯᠴᠤᠤᠳ  ᠤᠨ ᠬᠦᠮᠦᠨ ᠪᠦᠲᠦᠭᠡᠳᠡᠭ ᠡᠷᠳᠡᠮ》᠂ 《ᠶᠢᠰᠦᠬᠡᠢ ᠪᠠᠭᠠᠲᠤᠷ》᠂ 《ᠬᠦᠮᠦᠨᠯᠢᠭ ᠰᠣᠶᠤᠯ ᠢᠷᠭᠡᠨᠰᠢᠯ》᠂ 《ᠮᠣᠩ᠋ᠭᠣᠯ ᠬᠡᠪᠰᠢᠮᠡᠯ ᠬᠡᠯᠡᠯᠭᠡ᠂ ᠬᠡᠯᠡᠴᠡ ᠦᠭᠡ ᠶ᠋ᠢᠨ ᠲᠠᠢᠯᠪᠤᠷᠢᠳ᠋ᠤ ᠲᠣᠯᠢ》᠂ 《ᠢᠵᠠᠭᠤᠷ  ᠢᠢᠠᠨ ᠲᠠᠨᠢᠬᠤᠢ ᠳ᠋ᠤ ᠥᠴᠦᠬᠡᠨ ᠳᠤᠰᠤᠯ》᠂ 《ᠪᠣᠷᠤ ᠳᠡᠪᠲᠡᠷ》᠂ 《ᠨᠣᠤᠯᠤᠭᠠᠢ》 ᠵᠡᠷᠭᠡ ᠪᠦᠲᠦᠭᠡᠯ  ᠤᠳ ᠨᠢ ᠮᠣᠩ᠋ᠭᠣᠯ  ᠤᠨ ᠣᠯᠠᠨ ᠨᠡᠢᠲᠡ ᠪᠣᠯᠤᠭᠠᠳ ᠳᠡᠯᠡᠬᠡᠢ ᠶ᠋ᠢᠨ ᠰᠣᠶᠤᠯ᠂ ᠣᠶᠤᠨ ᠤ ᠬᠦᠷᠲᠡᠭᠡᠯ ᠪᠣᠯᠵᠤ ᠦᠨᠡᠯᠡᢉᠳᠡᠵᠡᠢ᠃





ᠬᠡᠯᠡᠨ ᠤ ᠪᠣᠳᠤᠯᠭ᠎ᠠ ᠶ᠋ᠢᠨ ᠦᠨᠳᠦᠰᠦᠨ ᠤ ᠵᠥᠪᠯᠡᠯ  ᠤᠨ ᠠᠵᠢᠯ  ᠤᠨ ᠠᠯᠪᠠ᠃




ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ

ᠪᠤᠰᠤᠳ ᠨᠡᠶᠢᠲᠡᠯᠡᠯ