MN / MNG

2022-09-02
ᠡᠷᠲᠡᠨ ᠦ ᠲᠦᠷᠦᠭ ᠦᠨ ᠦᠶ᠎ᠡ ᠶᠢᠨ ᠲᠠᠬᠢᠯ ᠤᠨ ᠴᠣᠭᠴᠠᠯᠠᠪᠤᠷᠢ ᠠᠴᠠ ᠷᠦᠨᠢ ᠪᠣᠯᠤᠨ ᠰᠣᠭᠳᠠ ᠪᠢᠴᠢᠭᠡᠰᠦ ᠳᠦ ᠭᠡᠷᠡᠯᠲᠦ ᠬᠥᠰᠢᠶ᠎ᠡ ᠢᠯᠡᠷᠡᠭᠦᠯᠦᠯ᠎ᠡ

ᠡᠷᠲᠡᠨ ᠦ ᠲᠦᠷᠦᠭ ᠦᠨ ᠦᠶ᠎ᠡ ᠶᠢᠨ ᠲᠠᠬᠢᠯ ᠤᠨ ᠴᠣᠭᠴᠠᠯᠠᠪᠤᠷᠢ ᠠᠴᠠ ᠷᠦᠨᠢ ᠪᠣᠯᠤᠨ ᠰᠣᠭᠳᠠ ᠪᠢᠴᠢᠭᠡᠰᠦ ᠳᠦ ᠭᠡᠷᠡᠯᠲᠦ ᠬᠥᠰᠢᠶ᠎ᠡ ᠢᠯᠡᠷᠡᠭᠦᠯᠦᠯ᠎ᠡ


᠍ᠰᠢᠨᠵᠢᠯᠡᠬᠦ ᠤᠬᠠᠭᠠᠨ ᠤ ᠠᠻᠠᠳᠧᠮᠢ ᠢᠢᠨ ᠍   ᠠᠷᠬᠧᠣᠯᠣᠭᠢ ᠶᠢᠨ ᠬᠦᠷᠢᠶᠡᠯᠡᠩ᠂ ᠣᠯᠠᠨ ᠤᠯᠤᠰ ᠤᠨ ᠲᠦᠷᠦᠭ ᠠᠺᠠᠳᠧᠮᠢ ᠶᠢᠨ ᠬᠠᠮᠲᠤᠷᠠᠭᠰᠠᠨ ᠰᠢᠨᠵᠢᠯᠡᠭᠡᠨ ᠦ ᠠᠩᠭᠢ ᠠᠷᠤᠬᠠᠩᠭᠠᠢ ᠠᠶᠢᠮᠠᠭ ᠤᠨ ᠬᠠᠰᠢᠶᠠᠲᠤ ᠰᠤᠮᠤ ᠶᠢᠨ ᠨᠤᠲᠤᠭ ᠲᠤ ᠤᠷᠤᠰᠢᠬᠤ ᠨᠣᠮᠣᠭᠠᠨ ᠤ ᠳᠤᠷᠠᠰᠬᠠᠯᠲᠤ ᠭᠠᠵᠠᠷ ᠲᠤ ᠮᠠᠯᠲᠠᠯᠭ᠎ᠠ ᠰᠤᠳᠤᠯᠭ᠎ᠠ ᠬᠢᠭᠰᠡᠨ ᠡᠷᠲᠡᠨ ᠦ ᠲᠦᠷᠦᠭ ᠦᠨ ᠦᠶ᠎ᠡ ᠶᠢᠨ ᠲᠠᠬᠢᠯ ᠤᠨ ᠴᠣᠭᠴᠠᠯᠠᠪᠤᠷᠢ ᠠᠴᠠ ᠷᠦᠨᠢ ᠪᠣᠯᠤᠨ ᠰᠣᠭᠳᠠ ᠪᠢᠴᠢᠭᠡᠰᠦᠲᠦ ᠭᠡᠷᠡᠯᠲᠦ ᠬᠥᠰᠢᠶ᠎ᠡ ᠢᠢᠨ ᠬᠡᠰᠡᠭ ᠢ ᠢᠯᠡᠷᠡᠭᠦᠯᠪᠡ᠃

ᠡᠨᠡ ᠬᠦ ᠣᠯᠳᠠᠪᠤᠷᠢ ᠨᠢ ᠭᠡᠷᠡᠯᠲᠦ ᠬᠥᠰᠢᠶ᠎ᠡ ᠢᠢᠨ ᠣᠷᠣᠢ ᠶᠢᠨ ᠬᠡᠰᠡᠭ ᠪᠥᠭᠡᠳ ᠳᠡᠭᠡᠳᠦ ᠬᠡᠰᠡᠭ ᠲᠦ ᠬᠣᠣᠰ ᠴᠢᠨᠣ᠎ᠠ ᠶᠢᠨ ᠳᠦᠷᠰᠦᠯᠡᠯ ᠲᠡᠢ᠂ ᠬᠥᠰᠢᠶ᠎ᠡ ᠢᠢᠨ ᠡᠬᠡ ᠪᠡᠶ᠎ᠡ ᠶᠢᠨ ᠬᠡᠰᠡᠭ ᠲᠦ ᠣᠳᠣ ᠪᠠᠷ 12 ᠮᠥᠷ ᠪᠢᠴᠢᠭᠡᠰᠦ ᠬᠠᠳᠠᠭᠠᠯᠠᠭᠳᠠᠨ ᠦᠯᠡᠳᠡᠵᠡᠢ᠃ ᠬᠥᠰᠢᠶ᠎ᠡ ᠢᠢᠨ ᠪᠢᠴᠢᠭᠡᠰᠦ ᠳᠤᠮᠳᠠ ᠺᠦ᠋᠋᠋ᠲ᠋ᠯᠤᠺ ᠬᠠᠭᠠᠨ ᠲᠦᠷᠦᠭ᠂ ᠲᠩᠷᠢ ᠶᠢᠨ ᠬᠥᠥ᠂ ᠦᠬᠡᠷ ᠵᠢᠯ ᠦᠨ 9 ᠰᠠᠷ᠎ᠠ᠂ ᠲᠦᠮᠡ ᠲᠦᠮᠡᠨ ᠵᠡᠷᠭᠡ ᠪᠢᠴᠢᠯᠭᠡ ᠨᠦᠭᠦᠳ ᠲᠣᠳᠣ ᠲᠠᠨᠢᠭᠳᠠᠨ ᠤᠩᠰᠢᠭᠳᠠᠵᠤ ᠪᠠᠶᠢᠨ᠎ᠠ᠃ ᠡᠨᠡ ᠬᠥᠰᠢᠶ᠎ᠡ ᠢᠢᠨ ᠪᠢᠴᠢᠭᠡᠰᠦ ᠶᠢ ᠲᠠᠶᠢᠯᠵᠤ ᠤᠩᠰᠢᠬᠤ ᠰᠤᠳᠤᠯᠭ᠎ᠠ ᠪᠣᠯᠤᠨ ᠲᠠᠬᠢᠯ ᠤᠨ ᠴᠣᠭᠴᠠᠯᠠᠪᠤᠷᠢ ᠶᠢᠨ ᠠᠷᠬᠧᠣᠯᠣᠭᠢ ᠶᠢᠨ ᠮᠠᠯᠲᠠᠯᠭ᠎ᠠ ᠰᠤᠳᠤᠯᠭᠠᠨ ᠤ ᠠᠵᠢᠯ ᠢ ᠬᠠᠮᠲᠤᠷᠠᠭᠰᠠᠨ ᠲᠥᠰᠥᠯ ᠦᠨ ᠰᠤᠳᠤᠯᠤᠭᠠᠴᠢᠳ ᠦᠷᠭᠦᠯᠵᠢᠯᠡᠭᠦᠯᠦᠨ ᠬᠢᠵᠦ ᠤᠳᠠᠬᠤ ᠦᠭᠡᠢ ᠦᠷ᠎ᠡ ᠳ᠋ᠦᠩ ᠢ ᠨᠡᠶᠢᠲᠡ ᠳᠦ ᠵᠠᠷᠯᠠᠨ᠎ᠠ᠃

ᠡᠨᠡ ᠬᠥᠰᠢᠶ᠎ᠡ ᠨᠢ ᠺᠦᠯᠢᠲ᠋ᠧᠭᠢᠨ᠂ ᠪᠢᠯᠢᠭᠡ ᠬᠠᠭᠠᠨ᠂ ᠲᠣᠨᠢᠺᠦᠺ ᠤᠨ ᠭᠡᠷᠡᠯᠲᠦ ᠬᠥᠰᠢᠶ᠎ᠡ ᠵᠡᠷᠭᠡ ᠡᠷᠲᠡᠨ ᠦ ᠲᠦᠷᠦᠭ ᠦᠨ ᠬᠠᠭᠠᠨᠲᠤ ᠤᠯᠤᠰ ᠤᠨ ᠲᠡᠦᠬᠡ ᠶᠢ ᠦᠭᠦᠯᠡᠭᠰᠡᠨ ᠲᠣᠮᠣᠬᠠᠨ ᠭᠡᠷᠡᠯᠲᠦ ᠬᠥᠰᠢᠶ᠎ᠡ ᠨᠦᠭᠦᠳ ᠢᠯᠡᠷᠡᠭᠰᠡᠨ ᠡᠴᠡ ᠬᠣᠶᠢᠰᠢ 100 ᠭᠠᠷᠤᠢ ᠵᠢᠯ ᠦᠨ ᠳᠠᠷᠠᠭ᠎ᠠ ᠰᠢᠨ᠎ᠡ ᠪᠡᠷ ᠢᠯᠡᠷᠡᠵᠦ ᠪᠠᠶᠢᠭ᠎ᠠ ᠴᠢᠬᠤᠯᠠ ᠠᠴᠢ ᠬᠣᠯᠪᠣᠭᠳᠠᠯ ᠲᠠᠢ ᠳᠤᠷᠠᠰᠬᠠᠯ ᠶᠤᠮ᠃


ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ

ᠪᠤᠰᠤᠳ ᠨᠡᠶᠢᠲᠡᠯᠡᠯ