MN / MNG

2023-03-07
ᠠᠶᠢᠮᠠᠭ᠂ ᠨᠡᠶᠢᠰᠯᠡᠯ  ᠤᠨ ᠠᠷᠬᠢᠸ  ᠤᠨ ᠠᠯᠪᠠᠨ ᠬᠠᠭᠠᠭᠴᠢᠳ ᠲᠤ ᠰᠤᠷᠭᠠᠯᠲᠠ ᠵᠣᠬᠢᠶᠠᠨ ᠪᠠᠶᠢᠭᠤᠯᠤᠯ᠎ᠠ

ᠠᠶᠢᠮᠠᠭ᠂ ᠨᠡᠶᠢᠰᠯᠡᠯ  ᠤᠨ ᠠᠷᠬᠢᠸ  ᠤᠨ ᠠᠯᠪᠠᠨ ᠬᠠᠭᠠᠭᠴᠢᠳ ᠲᠤ ᠰᠤᠷᠭᠠᠯᠲᠠ ᠵᠣᠬᠢᠶᠠᠨ ᠪᠠᠶᠢᠭᠤᠯᠤᠯ᠎ᠠ


ᠬᠡᠯᠡᠨ ᠤ ᠪᠣᠳᠤᠯᠭ᠎ᠠ ᠶ᠋ᠢᠨ ᠦᠨᠳᠦᠰᠦᠨ ᠤ ᠵᠥᠪᠯᠡᠯ᠂ ᠭᠠᠳᠠᠭᠠᠳᠤ ᠬᠠᠷᠢᠯᠴᠠᠭᠠᠨ ᠤ ᠶᠠᠮᠤᠨ᠂ ᠠᠷᠬᠢᠸ  ᠤᠨ ᠶᠡᠷᠦᠩᠬᠡᠢ ᠭᠠᠵᠠᠷ᠂ ᠪᠣᠯᠪᠠᠰᠤᠷᠠᠯ  ᠤᠨ ᠰᠤᠳᠤᠯᠭᠠᠨ ᠤ ᠦᠨᠳᠦᠰᠦᠨ ᠤ ᠬᠦᠷᠢᠶᠡᠯᠡᠩ ᠬᠠᠮᠲᠤᠷᠠᠨ ᠒᠐᠒᠒ ᠣᠨ ᠤ ᠑᠐ ᠳ᠋ᠤᠭᠠᠷ ᠰᠠᠷ᠎ᠠ ᠶ᠋ᠢᠨ ᠒᠑- ᠤ ᠡᠳᠦᠷ ᠨᠡᠢᠰᠯᠡᠯ  ᠤᠨ ᠨᠡᠢᠲᠡ ᠠᠷᠬᠢᠸ ᠪᠢᠴᠢᠭ᠌ ᠬᠡᠷᠡᠭ  ᠤᠨ ᠑᠐᠐᠐ ᠭᠠᠷᠤᠢ ᠪᠠᠢᠭᠤᠯᠤᠯᠭ᠎ᠠ ᠶ᠋ᠢ ᠣᠷᠤᠯᠴᠠᠭᠤᠯᠤᠨ ᠮᠣᠩ᠋ᠭᠣᠯ ᠪᠢᠴᠢᠭ᠌  ᠤᠨ ᠲᠠᠩᠬᠢᠮ ᠪᠣᠯᠤᠨ ᠴᠠᠬᠢᠮ ᠬᠣᠣᠰᠯᠠᠭᠰᠠᠨ ᠰᠤᠷᠭᠠᠯᠲᠠ ᠶ᠋ᠢ ᠵᠣᠬᠢᠶᠠᠨ ᠪᠠᠢᠢᠭᠤᠯᠤᠯ᠎ᠠ᠃



ᠤᠭ ᠰᠤᠷᠭᠠᠯᠲᠠ ᠶ᠋ᠢᠨ ᠵᠣᠷᠢᠯᠭ᠎ᠠ ᠨᠢ ᠨᠡᠢᠰᠯᠡᠯ  ᠤᠨ ᠨᠡᠢᠲᠡ ᠠᠷᠬᠢᠸ᠂ ᠪᠢᠴᠢᠭ᠌ ᠬᠡᠷᠡᠭ᠌  ᠤᠨ ᠠᠵᠢᠯᠲᠠᠨ ᠨᠤᠭᠤᠳ ᠲᠤ MNS ᠖᠓᠙᠕:᠒᠐᠒᠒ ᠮᠣᠩ᠋ᠭᠣᠯ ᠪᠢᠴᠢᠭ᠌  ᠢᠢᠡᠷ ᠦᠢᠯᠡᠳᠬᠦ ᠪᠠᠷᠢᠮᠲᠠ ᠪᠢᠴᠢᠭ᠌  ᠤᠨ ᠬᠡᠪᠯᠡᠮᠡᠯ ᠬᠠᠭᠤᠳᠠᠰᠤ᠂ ᠲᠡᢉᠦᠨ ᠤ ᠪᠦᠷᠢᠳᠦᠯ ᠳ᠋ᠦ ᠲᠠᠯᠪᠢᠬᠤ ᠦᠨᠳᠦᠰᠦᠨ ᠱᠠᠭᠠᠷᠳᠠᠯᠭ᠎ᠠ ᠰᠲ᠋ᠠᠨ᠋ᠳ᠋ᠠᠷᠲ ᠢ ᠲᠠᠨᠢᠯᠴᠠᠭᠤᠯᠬᠤ᠂ ᠬᠡᠷᠬᠢᠨ ᠲᠤᠷᠰᠢᠬᠤ᠂ ᠬᠡᠪᠯᠡᠬᠦ᠂ ᠬᠡᠷᠡᢉᠯᠡᠭᠡᠨ ᠤ ᠹᠣᠨᠲ᠋ ᠢ ᠬᠡᠷᠬᠢᠨ ᠰᠠᠭᠤᠯᠭᠠᠬᠤ᠂ ᠪᠢᠴᠢᠬᠦ᠂ ᠮᠣᠩ᠋ᠭᠣᠯ ᠪᠢᠴᠢᠭ᠌  ᠤᠨ ᠦᠨᠳᠦᠰᠦᠨ ᠤ ᠬᠥᠲᠦᠯᠪᠦᠷᠢ ᠶ᠋ᠢᠨ ᠬᠡᠷᠡᢉᠵᠢᠯᠲᠡ ᠶ᠋ᠢᠨ ᠲᠠᠯ ᠠ ᠪᠠᠷ ᠮᠡᠳᠡᠭᠡᠯᠡᠯ ᠥᢉᠬᠦ᠂ ᠮᠥᠨ ᠣᠷᠤᠯᠴᠠᠭᠰᠠᠨ ᠑᠐᠐᠐ ᠪᠠᠢᠭᠤᠯᠤᠯᠭ᠎ᠠ ᠶ᠋ᠢᠨ ᠠᠵᠢᠯᠲᠠᠨ ᠨᠤᠭᠤᠳ  ᠤᠨ ᠮᠣᠩ᠋ᠭᠣᠯ ᠪᠢᠴᠢᠭ᠌  ᠤᠨ ᠮᠡᠳᠡᠯᠭᠡ ᠶ᠋ᠢ ᠰᠢᠯᠭᠠᠬᠤ ᠲᠠᠩᠳᠠᠯᠲᠠ ᠶ᠋ᠢᠨ ᠰᠣᠷᠢᠯ ᠢ ᠴᠠᠬᠢᠮ  ᠢᠢᠠᠷ ᠠᠪᠴᠤ᠂ ᠦᠷ᠎ᠡ ᠳ᠋ᠦᠩ ᠢ ᠨᠢ ᠥᠪᠡᠷᠰᠡᠳ ᠲᠦ ᠨᠢ ᠮᠡᠳᠡᠭᠡᠯᠡᠬᠦ ᠵᠡᠷᠭᠡ ᠠᠴᠢ ᠬᠣᠯᠪᠤᠭᠳᠠᠯ ᠲᠠᠢ ᠪᠣᠯᠤᠯ᠎ᠠ᠃



ᠬᠡᠯᠡᠨ ᠤ ᠪᠣᠳᠤᠯᠭ᠎ᠠ ᠶ᠋ᠢᠨ ᠦᠨᠳᠦᠰᠦᠨ ᠤ ᠵᠥᠪᠯᠡᠯ᠂ ᠠᠷᠬᠢᠸ  ᠤᠨ ᠶᠡᠷᠦᠩᠬᠡᠢ ᠭᠠᠵᠠᠷ ᠲᠠᠢ ᠬᠠᠮᠲᠤᠷᠠᠨ ᠲᠤᠰᠠ ᠰᠤᠷᠭᠠᠯᠲᠠ ᠶ᠋ᠢ ᠴᠠᠬᠢᠮ  ᠢᠢᠠᠷ ᠒᠐᠒᠒ ᠣᠨ ᠤ ᠑᠐ ᠳ᠋ᠤᠭᠠᠷ ᠰᠠᠷ᠎ᠠ ᠶ᠋ᠢᠨ ᠒᠖᠆᠒᠘ (᠔᠗᠐᠐ ᠣᠷᠴᠢᠮ) ᠠᠵᠢᠯᠴᠢᠳ ᠲᠤ ᠪᠦᠰᠡᠴᠢᠯᠡᢉᠰᠡᠨ ᠬᠡᠯᠪᠡᠷᠢ ᠪᠡᠷ ᠵᠣᠬᠢᠶᠠᠨ ᠪᠠᠢᠭᠤᠯᠤᠯ᠎ᠠ᠃ ᠡᠨᠡ ᠬᠦ ᠰᠤᠷᠭᠠᠯᠲᠠ ᠪᠠᠷ ᠮᠣᠩ᠋ᠭᠣᠯ ᠪᠢᠴᠢᠭ᠌  ᠤᠨ ᠬᠡᠪᠯᠡᠮᠡᠯ ᠬᠠᠭᠤᠳᠠᠰᠤᠨ ᠤ ᠰᠲ᠋ᠠᠨᠳ᠋ᠠᠷᠲ᠂ ᠦᠨᠳᠦᠰᠦᠨ ᠤ ᠪᠢᠴᠢᠭ᠌  ᠤᠨ ᠬᠥᠲᠦᠯᠪᠦᠷᠢ ᠶ᠋ᠢᠨ ᠬᠡᠷᠡᢉᠵᠢᠯᠲᠡ ᠶ᠋ᠢᠨ ᠶᠠᠪᠤᠴᠠ᠂ ᠻᠷᠢᠯᠯ ᠦᠰᠦᠭ  ᠤᠨ ᠭᠠᠷ  ᠤᠨ ᠪᠠᠢᠷᠢᠯᠠᠯ ᠳ᠋ᠤ ᠲᠣᠬᠢᠷᠠᠭᠤᠯᠤᠭᠰᠠᠨ ᠮᠣᠩ᠋ᠭᠣᠯ ᠪᠢᠴᠢᠭ᠌  ᠤᠨ ᠭᠠᠷ  ᠤᠨ ᠪᠠᠢᠷᠢᠯᠠᠯ ᠢ ᠲᠠᠨᠢᠯᠴᠠᠭᠤᠯᠵᠤ᠂ ᢉᠦᠦ᠋ᢉᠯᠧ ᠫᠯᠠᠲ᠋ᠹᠣᠷᠮ ᠠᠰᠢᠭᠯᠠᠨ ᠲᠤᠬᠠᠢ ᠶ᠋ᠢᠨ ᠣᠷᠤᠯᠴᠠᠭᠴᠢᠳ  ᠤᠨ ᠮᠣᠩ᠋ᠭᠣᠯ ᠪᠢᠴᠢᠭ᠌  ᠤᠨ ᠴᠢᠳᠠᠪᠤᠷᠢ ᠶ᠋ᠢ ᠰᠢᠯᠭᠠᠬᠤ ᠰᠣᠷᠢᠯ ᠢ ᠠᠪᠴᠤ᠂ ᠳ᠋ᠦᠩ ᠢ ᠲᠠᠨᠢᠯᠴᠠᠭᠤᠯᠤᠯ᠎ᠠ᠃





ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ

ᠪᠤᠰᠤᠳ ᠨᠡᠶᠢᠲᠡᠯᠡᠯ