MN / MNG

2023-03-07
ᠲᠥᠷᠦ ᠶ᠋ᠢᠨ ᠠᠯᠪᠠᠨ ᠤ᠋ ᠵᠥᠪᠯᠡᠯ ᠋ ᠤᠨ ᠠᠵᠢᠯ  ᠤᠨ ᠠᠯᠪᠠᠨ ᠤ᠋ ᠠᠵᠢᠯᠴᠢᠳ ᠮᠣᠩ᠋ᠭᠣᠯ ᠪᠢᠴᠢᠭ᠌  ᠤᠨ ᠮᠡᠳᠡᠯᠭᠡ ᠪᠡᠨ ᠲᠣᠭᠲᠠᠭᠠᠯᠭᠠᠵᠤ᠂ ᠬᠡᠪᠯᠡᠮᠡᠯ ᠬᠠᠭᠤᠳᠠᠰᠤ ᠪᠠᠨ ᠮᠣᠩ᠋ᠭᠤᠯ ᠪᠢᠴᠢᠭ᠌  ᠢᠢᠡᠷ ᠲᠤᠷᠰᠢᠵᠤ ᠡᠬᠢᠯᠡᠯ  ᠡ

ᠲᠥᠷᠦ ᠶ᠋ᠢᠨ ᠠᠯᠪᠠᠨ ᠤ᠋ ᠵᠥᠪᠯᠡᠯ ᠋ ᠤᠨ ᠠᠵᠢᠯ  ᠤᠨ ᠠᠯᠪᠠᠨ ᠤ᠋ ᠠᠵᠢᠯᠴᠢᠳ ᠮᠣᠩ᠋ᠭᠣᠯ ᠪᠢᠴᠢᠭ᠌  ᠤᠨ ᠮᠡᠳᠡᠯᠭᠡ ᠪᠡᠨ ᠲᠣᠭᠲᠠᠭᠠᠯᠭᠠᠵᠤ᠂ ᠬᠡᠪᠯᠡᠮᠡᠯ ᠬᠠᠭᠤᠳᠠᠰᠤ ᠪᠠᠨ ᠮᠣᠩ᠋ᠭᠤᠯ ᠪᠢᠴᠢᠭ᠌  ᠢᠢᠡᠷ ᠲᠤᠷᠰᠢᠵᠤ ᠡᠬᠢᠯᠡᠯ  ᠡ


ᠮᠣᠩ᠋ᠭᠣᠯ ᠤᠯᠤᠰ  ᠤᠨ ᠶᠡᠷᠦᠩᠬᠡᠢ ᠰᠠᠢᠳ  ᠤᠨ ᠒᠐᠒᠑ ᠣᠨ ᠤ ᠑᠔᠔ ᠳ᠋ᠤᠭᠡᠷ ᠵᠠᠬᠢᠷᠤᠮᠵᠢ ᠪᠠᠷ ᠪᠠᠢᠭᠤᠯᠤᠭᠰᠠᠨ ᠮᠣᠩ᠋ᠭᠣᠯ ᠬᠡᠯᠡᠨ ᠤ ᠲᠤᠬᠠᠢ ᠬᠠᠤᠯᠢ ᠶ᠋ᠢᠨ ᠬᠡᠷᠡᢉᠵᠢᠯᠲᠡ ᠶ᠋ᠢ ᠨᠢᠭᠡᠳᠦᢉᠰᠡᠨ ᠵᠣᠬᠢᠴᠠᠭᠤᠯᠤᠯᠲᠠ ᠪᠠᠷ ᠬᠠᠩ᠋ᠭᠠᠬᠤ ᠡᢉᠦᠷᠭᠡ ᠪᠦᠬᠦᠢ ᠒᠐ ᠭᠠᠷᠤᠢ ᠪᠠᠢᠭᠤᠯᠤᠯᠭ᠎ᠠ ᠶ᠋ᠢᠨ ᠲᠥᠯᠦᠭᠡᠯᠡᠯ ᠡᠴᠡ ᠪᠦᠷᠢᠳᠦᢉᠰᠡᠨ ᠠᠵᠢᠯ  ᠤᠨ ᠬᠡᠰᠡᠭ “ᠮᠣᠩ᠋ᠭᠤᠯ ᠪᠢᠴᠢᠭ᠌  ᠤᠨ ᠦᠨᠳᠦᠰᠦᠨ ᠤ ᠬᠥᠲᠦᠯᠪᠦᠷᠢ”᠆  ᠤᠨ ᠬᠡᠷᠡᢉᠵᠢᠯᠲᠡ ᠶ᠋ᠢ ᠬᠠᠩ᠋ᠭᠠᠨ ᠠᠵᠢᠯᠯᠠᠵᠤ ᠪᠠᠢᠨ᠎ᠠ᠃

᠒᠐᠒᠕ ᠣᠨ ᠠ᠋ᠴᠠ ᠲᠥᠷᠦ ᠶ᠋ᠢᠨ ᠪᠣᠯᠤᠨ ᠨᠤᠲᠤᠭ  ᠤᠨ ᠥᠪᠡᠷ  ᠢᠢᠡᠨ ᠤᠳᠤᠷᠢᠳᠬᠤ ᠪᠠᠢᠭᠤᠯᠤᠯᠭ᠎ᠠ ᠠᠯᠪᠠᠨ ᠬᠡᠷᠡᠭ  ᠢᠢᠡᠨ ᠻᠷᠢᠯᠯ ᠪᠣᠯᠤᠨ ᠦᠨᠳᠦᠰᠦᠨ ᠤ ᠬᠣᠣᠰ ᠪᠢᠴᠢᠭ᠌  ᠢᠢᠡᠷ ᠬᠥᠲᠦᠯᠦᠨ ᠶᠠᠪᠤᠭᠤᠯᠬᠤ ᠪᠡᠯᠡᠳᠬᠡᠯ ᠠᠵᠢᠯ  ᠤᠨ ᠬᠦᠷᠢᠶᠡᠨ ᠳ᠋ᠦ ᠰᠲ᠋ᠠᠨᠳ᠋ᠠᠷᠲ᠂ ᠬᠡᠮᠵᠢᠯ ᠵᠦᠢ ᠶ᠋ᠢᠨ ᠭᠠᠵᠠᠷ  ᠤᠨ ᠳᠠᠷᠤᠭ᠎ᠠ ᠶ᠋ᠢᠨ ᠒᠐᠒᠒ ᠣᠨ ᠤ C/᠑᠓ ᠳ᠋ᠤᠭᠠᠷ ᠲᠤᠰᠢᠶᠠᠯ  ᠢᠢᠠᠷ ᠮᠣᠩ᠋ᠭᠣᠯ ᠪᠢᠴᠢᠭ᠌  ᠢᠢᠡᠷ ᠦᠢᠯᠡᠳᠬᠦ ᠪᠠᠷᠢᠮᠲᠠ ᠪᠢᠴᠢᠭ᠌  ᠤᠨ ᠬᠡᠪᠯᠡᠮᠡᠯ ᠬᠠᠭᠤᠳᠠᠰᠤ᠂ ᠲᠡᢉᠦᠨ ᠤ ᠪᠦᠷᠢᠳᠦᠯ ᠳ᠋ᠦ ᠲᠠᠯᠪᠢᠬᠤ ᠦᠨᠳᠦᠰᠦᠨ ᠱᠠᠭᠠᠷᠳᠠᠯᠭ᠎ᠠ MNS:᠖᠓᠙᠕:᠒᠐᠒᠒ ᠰᠲ᠋ᠠᠨᠳ᠋ᠠᠷᠲ᠋ ᠢ ᠪᠠᠲᠤᠯᠠᠭᠰᠠᠨ᠃

ᠡᠨᠡ ᠰᠲ᠋ᠠᠨ᠋ᠳ᠋ᠠᠷᠲ ᠲᠤ ᠨᠡᠢᠴᠡᢉᠦᠯᠦᠨ ᠲᠥᠷᠦ ᠶ᠋ᠢᠨ ᠠᠯᠪᠠᠨ ᠤ ᠵᠥᠪᠯᠡᠯ ᠥᠨᠦᠳᠦᠷ ᠡᠴᠡ ᠡᠬᠢᠯᠡᠨ ᠠᠯᠪᠠᠨ ᠪᠢᠴᠢᠭ᠌  ᠢᠢᠡᠨ ᠮᠣᠩ᠋ᠭᠣᠯ ᠪᠢᠴᠢᠭ᠌  ᠢᠢᠡᠷ ᠲᠤᠷᠰᠢᠵᠤ ᠡᠬᠢᠯᠡᠯ᠎ᠡ᠃

ᠮᠥᠨ ᠬᠡᠯᠡᠨ ᠤ ᠪᠣᠳᠤᠯᠭ᠎ᠠ ᠶ᠋ᠢᠨ ᠦᠨᠳᠦᠰᠦᠨ ᠤ ᠵᠥᠪᠯᠡᠯ ᠡᠴᠡ ᠲᠥᠷᠦ ᠶ᠋ᠢᠨ ᠠᠯᠪᠠᠨ ᠤ ᠵᠥᠪᠯᠡᠯ  ᠤᠨ ᠠᠵᠢᠯ  ᠤᠨ ᠠᠯᠪᠠᠨ ᠤ ᠨᠡᠢᠲᠡ ᠖᠑ ᠠᠯᠪᠠᠨ ᠬᠠᠭᠠᠭᠴᠢ ᠶ᠋ᠢᠨ ᠮᠣᠩ᠋ᠭᠣᠯ ᠪᠢᠴᠢᠭ᠌  ᠤᠨ ᠮᠡᠳᠡᠯᠭᠡ ᠶ᠋ᠢ ᠰᠢᠯᠭᠠᠵᠤ᠂ ᠲᠦᠪᠰᠢᠨ ᠢ ᠨᠢ ᠲᠣᠭᠲᠠᠭᠠᠪᠠ᠃ ᠲᠤᠰᠠ ᠪᠠᠢᠭᠤᠯᠤᠯᠭ᠎ᠠ ᠨᠤᠭᠤᠳ ᠬᠠᠮᠲᠤ ᠶ᠋ᠢᠨ ᠠᠵᠢᠯᠯᠠᠭᠠᠨ ᠤ ᠪᠡᠨ ᠬᠦᠷᠢᠶᠡᠨ ᠳ᠋ᠦ ᠨᠡᠢᠲᠡ ᠠᠵᠢᠯᠴᠢᠳ ᠳ᠋ᠠᠭᠠᠨ ᠮᠣᠩ᠋ᠭᠣᠯ ᠪᠢᠴᠢᠭ᠌  ᠤᠨ ᠬᠢᠴᠢᠶᠡᠯ ᠢ ᠒᠐᠒᠒ ᠣᠨ ᠤ ᠑᠑ ᠳ᠋ᠤᠭᠡᠷ ᠰᠠᠷ᠎ᠠ ᠶ᠋ᠢᠨ ᠑᠆  ᠤ ᠡᠳᠦᠷ ᠡᠴᠡ ᠡᠬᠢᠯᠡᠨ ᠵᠢᠭᠠᠬᠤ ᠪᠠᠷ ᠲᠣᠭᠲᠠᠪᠠ᠃




ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ

ᠪᠤᠰᠤᠳ ᠨᠡᠶᠢᠲᠡᠯᠡᠯ