MN / MNG

2025-04-22
ᠮᠣᠩᠭᠤᠯ ᠤᠯᠤᠰ ᠤᠨ ᠲᠡᠦᠬᠡ᠂ ᠰᠣᠶᠤᠯ ᠤᠨ ᠬᠣᠣᠰ ᠦᠭᠡᠢ ᠦᠨᠡᠲᠦ ᠥᠪ ᠪᠣᠯᠬᠤ 《ᠬᠦᠢᠰᠦ ᠲᠣᠯᠤᠭᠠᠶ ᠶᠢᠨ ᠪᠢᠴᠢᠭᠡᠰᠦ》 ᠶᠦ᠋ᠨᠧᠰᠻᠣ᠋ ᠳ᠋ᠤ ᠪᠦᠷᠢᠳᠬᠡᠭᠳᠡᠯ᠎ᠡ

ᠮᠣᠩᠭᠤᠯ ᠤᠯᠤᠰ ᠤᠨ ᠲᠡᠦᠬᠡ᠂ ᠰᠣᠶᠤᠯ ᠤᠨ ᠬᠣᠣᠰ ᠦᠭᠡᠢ ᠦᠨᠡᠲᠦ ᠥᠪ ᠪᠣᠯᠬᠤ 《ᠬᠦᠢᠰᠦ ᠲᠣᠯᠤᠭᠠᠶ ᠶᠢᠨ ᠪᠢᠴᠢᠭᠡᠰᠦ》 ᠶᠦ᠋ᠨᠧᠰᠻᠣ᠋ ᠳ᠋ᠤ ᠪᠦᠷᠢᠳᠬᠡᠭᠳᠡᠯ᠎ᠡ




ᠮᠠᠨ ᠤ ᠡᠷᠢᠨ ᠦ 601 ᠣᠨ ᠤ ᠦᠶ᠎ᠡ ᠶᠢᠨ ᠪᠢᠴᠢᠭ ᠦᠰᠦᠭ ᠦᠨ ᠳᠤᠷᠠᠰᠬᠠᠯ ᠪᠣᠯᠬᠤ ᠬᠦᠢᠰᠦ ᠲᠣᠯᠤᠭᠠᠶ ᠶᠢᠨ ᠪᠢᠴᠢᠭᠡᠰᠦ ᠨᠢ 11 ᠮᠥᠷ᠂ ᠡᠷᠲᠡᠨ ᠦ ᠮᠣᠩᠭᠤᠯ ᠬᠡᠯᠡ ᠪᠡᠷ ᠪᠷᠠᠾᠮᠢ ᠦᠰᠦᠭ ᠦᠨ 215 ᠲᠡᠮᠳᠡᠭᠲᠦ ᠪᠡᠷ ᠪᠢᠴᠢᠭᠰᠡᠨ 100 ᠦᠬᠡ ᠡᠴᠡ ᠪᠦᠷᠢᠳᠦᠭᠰᠡᠨ ᠮᠣᠩᠭᠤᠯ ᠤᠨ ᠡᠷᠲᠡᠨ ᠦ ᠦᠰᠦᠭ᠂ ᠪᠢᠴᠢᠭ᠂ ᠦᠭᠡ᠂ ᠬᠡᠯᠡ᠂ ᠨᠡᠭᠦᠳᠡᠯᠴᠢᠨ ᠤᠭᠰᠠᠭᠠᠲᠠᠨ᠂ ᠣᠪᠤᠭᠲᠠᠨ ᠤ ᠲᠡᠦᠬᠡ᠂ ᠰᠣᠶᠤᠯ᠂ ᠵᠠᠩ ᠵᠠᠩᠰᠢᠯ᠂ ᠱᠠᠰᠢᠨ ᠰᠢᠲᠦᠯᠭᠡ᠂ ᠲᠠᠬᠢᠯᠭ᠎ᠠ ᠮᠥᠷᠭᠦᠯ᠂ ᠵᠠᠩ ᠦᠢᠯᠡ ᠶᠢᠨ ᠲᠤᠬᠠᠶ ᠮᠡᠳᠡᠭᠡᠯᠡᠯ ᠲᠡᠢ ᠨᠡᠩ ᠬᠣᠪᠤᠷ ᠪᠠᠷᠢᠮᠲᠠᠲᠤ ᠬᠠᠳᠠᠨ ᠤ ᠪᠢᠴᠢᠭᠡᠰᠦ ᠳᠤᠷᠠᠰᠬᠠᠯ ᠪᠥᠭᠡᠳ ᠡᠨᠡ ᠨᠢ ᠲᠥᠪ ᠠᠽᠢ ᠶᠢᠨ ᠨᠡᠭᠦᠳᠡᠯᠴᠢᠨ ᠦᠨᠳᠦᠰᠦᠲᠡᠨ ᠮᠣᠩᠭᠤᠯᠴᠤᠳ ᠨᠢ ᠬᠠᠮᠤᠭ ᠤᠨ ᠠᠩᠬ᠎ᠠ ᠥᠪᠡᠷ ᠦᠨ ᠦᠭᠡ᠂ ᠬᠡᠯᠡ ᠪᠡᠨ ᠲᠡᠮᠳᠡᠭᠯᠡᠭᠰᠡᠨ ᠦᠰᠦᠭ᠂ ᠪᠢᠴᠢᠭ ᠲᠡᠢ ᠪᠠᠶᠢᠭᠰᠠᠨ ᠦᠨᠳᠦᠰᠦᠲᠡᠨ ᠭᠡᠳᠡᠭ ᠦᠨ ᠨᠣᠲᠠᠯᠠᠭ᠎ᠠ ᠶᠤᠮ᠃



ᠮᠣᠩᠭᠤᠯ ᠤᠨ ᠡᠷᠳᠡᠮᠲᠡᠨ ᠳ᠊᠂ ᠴᠡᠩᠳᠦ (1967)᠂ ᠮ᠊᠂ ᠰᠢᠨᠡᠬᠦ᠋ᠦ (1972, 1974)᠂ ᠨ᠊᠂ ᠨᠠᠸᠠᠩ (1976) ᠨᠠᠷ ᠬᠦᠢᠰᠦ ᠲᠣᠯᠤᠭᠠᠶ ᠶᠢᠨ ᠪᠢᠴᠢᠭᠡᠰᠦ ᠶᠢ ᠪᠢᠴᠢᠭ ᠦᠰᠦᠭ ᠦᠨ ᠳᠤᠷᠠᠰᠬᠠᠯ ᠪᠣᠯᠬᠤ ᠶᠢ ᠮᠡᠳᠡᠭᠡᠯᠡᠭᠰᠡᠨ ᠡᠴᠡ ᠬᠣᠶᠢᠰᠢ 50 ᠣᠷᠴᠢᠮ ᠵᠢᠯ ᠦᠨ ᠳᠠᠷᠠᠭ᠎ᠠ ᠪᠷᠠᠾᠮᠢ ᠪᠢᠴᠢᠭ (ᠳ᠋᠂ ᠮᠠᠤᠸᠡ᠂ ᠭᠧᠷᠮᠠᠨ᠂ 2016) ᠢᠶᠡᠷ ᠡᠷᠲᠡᠨ ᠦ ᠡᠪᠦᠭᠡ ᠬᠡᠯᠡ (ᠠ᠊᠂ ᠸᠣᠸᠢᠨ᠂ ᠹᠷᠠᠨ᠋ᠼ᠂ 2016)  ᠪᠡᠷ ᠪᠢᠴᠢᠭᠳᠡᠭᠰᠡᠨ ᠣᠳᠤᠭ᠎ᠠ ᠠᠴᠠ 1400 ᠵᠢᠯ ᠦᠨ ᠡᠮᠦᠨᠡᠬᠢ ᠮᠣᠩᠭᠤᠯ ᠬᠡᠯᠡᠨ ᠦ ᠪᠢᠴᠢᠭ ᠦᠨ ᠳᠤᠷᠠᠰᠬᠠᠯ ᠮᠥᠨ ᠪᠣᠯᠬᠤ ᠶᠢ ᠲᠣᠭᠲᠠᠭᠠᠭᠰᠠᠨ᠃ ᠮᠣᠩᠭᠤᠯ ᠤᠯᠤᠰ ᠤᠨ ᠵᠠᠰᠠᠭ ᠤᠨ ᠭᠠᠵᠠᠷ ᠤᠭ ᠪᠢᠴᠢᠭᠡᠰᠦ ᠶᠢ 2019 ᠣᠨ ᠤ 9 ᠊ᠳ᠋ᠦᠭᠡᠷ ᠰᠠᠷ᠎ᠠ ᠶᠢᠨ 25᠋᠋  ᠤ ᠡᠳᠦᠷ ᠦᠨ ᠲᠣᠭᠲᠠᠭᠠᠯ ᠢᠶᠠᠷ ᠲᠡᠦᠬᠡ᠂ ᠰᠣᠶᠤᠯ ᠤᠨ ᠬᠣᠣᠰ ᠦᠭᠡᠢ ᠦᠨᠡᠲᠦ ᠳᠤᠷᠠᠰᠬᠠᠯᠲᠤ ᠵᠦᠢᠯ ᠦᠨ ᠵᠢᠭᠰᠠᠭᠠᠯᠲᠠᠳ᠋ᠤ ᠣᠷᠤᠭᠤᠯᠵᠤ᠂ ᠲᠥᠷᠦ ᠶᠢᠨ ᠣᠷᠳᠣᠨ ᠳᠤ ᠵᠠᠯᠠᠭᠰᠠᠨ ᠪᠢᠯᠡ᠃ ᠡᠳᠦᠭᠡ ᠴᠢᠩᠬᠢᠰ ᠬᠠᠭᠠᠨ ᠮᠦᠽᠧᠶ ᠳᠦ ᠬᠠᠳᠠᠭᠠᠯᠠᠭᠳᠠᠵᠤ ᠪᠠᠶᠢᠨ᠎ᠠ᠃


ᠡᠶᠢᠨ ᠬᠦ 2021 ᠣᠨ ᠳᠤ ᠬᠡᠯᠡᠨ ᠦ ᠪᠣᠳᠤᠯᠭ᠎ᠠ ᠶᠢᠨ ᠦᠨᠳᠦᠰᠦᠨ ᠦ ᠵᠥᠪᠯᠡᠯ ᠦᠨ  ᠬᠦᠢᠰᠦ ᠲᠣᠯᠤᠭᠠᠶ ᠶᠢᠨ ᠪᠢᠴᠢᠭᠡᠰᠦ ᠮᠣᠩᠭᠤᠯ ᠊ ᠪᠷᠠᠾᠮᠢ ᠪᠢᠴᠢᠭ ᠦᠨ ᠳᠤᠷᠠᠰᠬᠠᠯ ᠢ ᠶᠦ᠋ᠨᠧᠰᠻᠣ᠋ ᠳᠤ ᠪᠦᠷᠢᠳᠬᠡᠭᠦᠯᠬᠦ ᠲᠤᠬᠠᠶ 08 ᠳ᠋ᠤᠭᠠᠷ ᠲᠣᠭᠲᠠᠭᠠᠯ ᠭᠠᠷᠴᠤ᠂ ᠲᠤᠰᠠ ᠥᠪ ᠢ ᠪᠦᠷᠢᠳᠬᠡᠭᠦᠯᠬᠦ ᠰᠤᠳᠤᠯᠭ᠎ᠠ ᠰᠢᠨᠵᠢᠯᠡᠭᠡ᠂ ᠵᠣᠬᠢᠶᠠᠨ
ᠪᠠᠶᠢᠭᠤᠯᠤᠯᠲᠠ ᠶᠢᠨ ᠠᠵᠢᠯ ᠢ ᠡᠬᠢᠯᠡᠭᠦᠯᠦᠭᠰᠡᠨ ᠪᠠᠶᠢᠳᠠᠭ᠃



2021-2024 ᠣᠨ ᠳᠤ ᠶᠡᠷᠦᠩᠬᠡᠶᠢᠯᠡᠭᠴᠢ ᠶᠢᠨ ᠳᠡᠷᠭᠡᠳᠡᠬᠢ ᠬᠡᠯᠡᠨ ᠦ ᠪᠣᠳᠤᠯᠭ᠎ᠠ ᠶᠢᠨ ᠦᠨᠳᠦᠰᠦᠨ ᠦ ᠵᠥᠪᠯᠡᠯ᠂ ᠮᠣᠩᠭᠤᠯ ᠤᠯᠤᠰ ᠤᠨ ᠰᠣᠶᠤᠯ ᠤᠨ ᠶᠠᠮᠤᠨ᠂ ᠶᠦ᠋ᠨᠧᠰᠻᠣ᠋ ᠶᠢᠨ ᠮᠣᠩᠭᠤᠯ ᠤᠨ ᠦᠨᠳᠦᠰᠦᠨ ᠦ ᠻᠣᠮᠢᠰᠰ᠂ ᠰᠠᠯᠪᠤᠷᠢ ᠶᠢᠨ ᠡᠷᠳᠡᠮᠲᠡᠨ ᠰᠤᠳᠤᠯᠤᠭᠠᠴᠢᠳ ᠤᠨ ᠪᠠᠭ ᠪᠦᠷᠢᠯᠳᠦᠬᠦᠨ ᠬᠠᠮᠲᠤᠷᠠᠨ ᠶᠦ᠋ᠨᠧᠰᠻᠣ᠋ ᠶᠢᠨ ᠳᠡᠯᠡᠬᠡᠶ ᠶᠢᠨ ᠳᠤᠷᠠᠰᠤᠮᠵᠢ ᠬᠥᠲᠦᠯᠪᠦᠷᠢ ᠶᠢᠨ ᠣᠯᠠᠨ ᠤᠯᠤᠰ ᠤᠨ ᠵᠢᠭᠰᠠᠭᠠᠯᠲᠠ ᠳᠤ ᠥᠪ ᠪᠦᠷᠢᠳᠬᠡᠭᠦᠯᠬᠦ ᠠᠵᠢᠯ ᠢ ᠬᠠᠮᠲᠤᠷᠠᠨ ᠵᠣᠬᠢᠶᠠᠨ ᠪᠠᠶᠢᠭᠤᠯᠵᠤ᠂ 2025 ᠣᠨ ᠳᠤ ᠬᠦᠢᠰᠦ ᠲᠣᠯᠤᠭᠠᠶ ᠶᠢᠨ ᠪᠢᠴᠢᠭᠡᠰᠦ (V-VI ᠵᠠᠭᠤᠨ) ᠶᠢ ᠪᠠᠷᠢᠮᠲᠠᠲᠤ ᠥᠪ ᠢᠶᠡᠷ ᠪᠦᠷᠢᠳᠬᠡᠭᠦᠯᠦᠯ᠎ᠡ᠃



ᠡᠨᠡᠬᠦ ᠲᠡᠦᠬᠡᠨ ᠦᠢᠯᠡ ᠬᠡᠷᠡᠭ ᠢ ᠪᠦᠲᠦᠭᠡᠯᠴᠡᠭᠰᠡᠨ ᠮᠣᠩᠭᠤᠯ ᠤᠯᠤᠰ ᠤᠨ ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤᠨ ᠶᠠᠮᠤᠨ᠂ ᠶᠦ᠋ᠨᠧᠰᠻᠣ᠋ ᠶᠢᠨ ᠮᠣᠩᠭᠤᠯ ᠤᠨ ᠦᠨᠳᠦᠰᠦᠨ ᠦ ᠻᠣᠮᠢᠰᠰ᠂ ᠴᠢᠩᠬᠢᠰ ᠬᠠᠭᠠᠨ ᠦᠨᠳᠦᠰᠦᠨ ᠦ ᠮᠦᠽᠧᠶ᠂ ᠲᠡᠭᠦᠨᠴᠢᠯᠡᠨ ᠠᠵᠢᠯ ᠤᠨ ᠬᠡᠰᠡᠭ ᠦᠨ ᠵᠥᠪᠯᠡᠬᠦ ᠪᠡᠷ ᠪᠢᠳᠡᠨ ᠲᠡᠢ ᠬᠠᠮᠲᠤᠷᠠᠨ ᠠᠵᠢᠯᠯᠠᠭᠰᠠᠨ ᠠᠻᠠᠳᠧᠮᠢᠴᠢ ᠳᠣ᠊᠂ ᠲᠡᠮᠦᠷᠲᠣᠭᠤᠭ᠎ᠠ᠂ ᠳ᠋ᠣᠻᠲ᠋ᠤᠷ᠂ ᠫᠷᠣᠹᠧᠰᠰᠤᠷ ᠯᠤ᠊᠂ ᠮᠠᠨᠯᠠᠵᠠᠪ᠂ ᠳ᠋ᠣᠻᠲ᠋ᠤᠷ᠂ ᠫᠷᠣᠹᠧᠰᠰᠤᠷ ᠴᠡ᠊ᠪᠠᠲᠤᠲᠤᠯᠭ᠎ᠠ᠂ ᠣᠷᠴᠢᠭᠤᠯᠤᠭᠴᠢ ᠨᠠ᠊᠂ ᠭᠠᠩᠲᠤᠶᠠᠭ᠎ᠠ᠂ ᠰᠣᠶᠤᠯ ᠤᠨ ᠥᠪ ᠦᠨ ᠦᠨᠳᠦᠰᠦᠨ ᠦ ᠲᠥᠪ ᠦᠨ ᠰᠤᠳᠤᠯᠤᠭᠠᠴᠢ ᠬᠣ᠊᠂ ᠲᠦᠮᠡᠨᠪᠠᠶᠠᠷ᠂ ᠠᠵᠢᠯ ᠤᠨ ᠠᠯᠪᠠᠨ ᠤ ᠪᠠᠨ ᠡᠷᠳᠡᠮᠲᠡᠨ ᠰᠤᠳᠤᠯᠤᠭᠠᠴᠢᠳ ᠲᠤ ᠴᠢᠨ ᠰᠡᠳᠬᠢᠯ ᠦᠨ ᠲᠠᠯᠠᠷᠬᠠᠯ ᠢᠯᠡᠷᠬᠡᠶᠢᠯᠡᠶ ᠡ᠃






ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ

ᠪᠤᠰᠤᠳ ᠨᠡᠶᠢᠲᠡᠯᠡᠯ