МОНГОЛ УЛСЫН ЕРӨНХИЙЛӨГЧИЙН ДЭРГЭДЭХ
ХЭЛНИЙ БОДЛОГЫН ҮНДЭСНИЙ ЗӨВЛӨЛ
MN
/
MNG
Toggle navigation
НҮҮР
Танилцуулга
Зөвлөлийн тухай
Зөвлөлийн бүтэц
Зөвлөлийн гишүүд
Улсын нэр томьёоны комисс
Зөвлөлийн чиг үүрэг
Ажлын алба
Хууль, эрх зүй
Хууль
Зарлиг
Тогтоол
Мэдээ
Онцлох мэдээ
Салбар зөвлөл
Орон нутагт
Дотоод дахь монгол судлал
Гадаад дахь монгол судлал
Судалгаа
ᠡᠬᠢᠯᠡᠯ
ᠲᠠᠨᠢᠯᠴᠠᠭᠤᠯᠭ᠎ᠠ
ᠵᠥᠪᠯᠡᠯ ᠦᠨ ᠲᠤᠬᠠᠶ
ᠵᠥᠪᠯᠡᠯ ᠦᠨ ᠪᠦᠲᠦᠴᠡ
ᠵᠥᠪᠯᠡᠯ ᠦᠨ ᠭᠢᠱᠢᠭᠦᠳ
ᠤᠯᠤᠰ ᠤᠨ ᠨᠡᠷ᠎ᠡ ᠲᠣᠮᠢᠶ᠎ᠠ ᠶᠢᠨ ᠻᠣᠮᠢᠰ
ᠵᠥᠪᠯᠡᠯ ᠦᠨ ᠴᠢᠭ᠂ ᠡᠭᠦᠷᠭᠡ
ᠠᠵᠢᠯ ᠤᠨ ᠠᠯᠪᠠ
ᠬᠠᠤᠯᠢ᠂ ᠡᠷᠬᠡ ᠵᠦᠶ
ᠬᠠᠤᠯᠢ
ᠵᠠᠷᠯᠢᠭ
ᠲᠣᠭᠲᠠᠭᠠᠯ
ᠮᠡᠳᠡᠭᠡ
ᠣᠨᠴᠠᠯᠠᠬᠤ ᠮᠡᠳᠡᠭᠡ
ᠰᠠᠯᠪᠤᠷᠢ ᠵᠥᠪᠯᠡᠯ
ᠣᠷᠤᠨ ᠨᠤᠲᠤᠭ ᠲᠤ
ᠳᠣᠲᠣᠭᠠᠳᠤ ᠳ᠋ᠠᠬᠢ ᠮᠣᠩᠭᠣᠯ ᠰᠤᠳᠤᠯᠤᠯ
ᠭᠠᠳᠠᠭᠠᠳᠤ ᠳ᠋ᠠᠬᠢ ᠮᠣᠩᠭᠣᠯ ᠰᠤᠳᠤᠯᠤᠯ
ᠰᠤᠳᠤᠯᠭ᠎ᠠ
2022-06-22
ᠵᠥᠪᠯᠡᠯ ᠦᠨ ᠴᠢᠭ᠂ ᠡᠭᠦᠷᠭᠡ
ᠮᠣᠩᠭᠣᠯ ᠬᠡᠯᠡ᠂ ᠪᠢᠴᠢᠭ ᠦᠰᠦᠭ ᠢ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠡᠢ ᠬᠣᠯᠪᠣᠭ᠎ᠠ ᠲᠠᠢ ᠪᠣᠳᠣᠯᠭ᠎ᠠ ᠪᠣᠯᠪᠠᠰᠤᠷᠠᠭᠤᠯᠵᠤ᠂ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠥᠷᠭᠡᠨ ᠮᠡᠳᠡᠭᠦᠯᠬᠦ;
ᠦᠨᠳᠦᠰᠦᠲᠡᠨ ᠦ ᠴᠥᠭᠡᠩᠬᠢ ᠶᠢᠨ ᠬᠡᠯᠡ᠂ ᠮᠣᠩᠭᠣᠯ ᠤᠭᠰᠠᠭᠠᠲᠠᠨ ᠤ ᠠᠮᠠᠨ ᠠᠶᠠᠯᠭᠤ ᠶᠢ ᠰᠤᠳᠤᠯᠬᠤ᠂ ᠬᠠᠮᠠᠭᠠᠯᠠᠬᠤ᠂ ᠬᠥᠭᠵᠢᠭᠦᠯᠬᠦ᠂ ᠭᠠᠳᠠᠭᠠᠳᠤ ᠣᠷᠣᠨ ᠳᠤ ᠰᠠᠭᠤᠭ᠎ᠠ ᠮᠣᠩᠭᠣᠯ ᠦᠨᠳᠦᠰᠦᠲᠡᠨ ᠨᠦᠭᠦᠳ᠂ ᠣᠯᠠᠨ ᠤᠯᠤᠰ ᠤᠨ ᠬᠡᠮᠵᠢᠶᠡᠨ ᠳᠦ ᠮᠣᠩᠭᠣᠯ ᠬᠡᠯᠡ᠂ ᠪᠢᠴᠢᠭ ᠦᠰᠦᠭ ᠦᠨ ᠬᠡᠷᠡᠭᠯᠡᠭᠡ᠂ ᠰᠤᠷᠭᠠᠯᠲᠠ ᠰᠤᠳᠤᠯᠭ᠎ᠠ ᠶᠢ ᠥᠷᠭᠡᠵᠢᠭᠦᠯᠬᠦ᠂ ᠳᠡᠮᠵᠢᠬᠦ ᠴᠢᠭᠯᠡᠯ ᠢᠶᠡᠷ ᠪᠣᠳᠣᠯᠭ᠎ᠠ ᠪᠣᠯᠪᠠᠰᠤᠷᠠᠭᠤᠯᠵᠤ᠂ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠥᠷᠭᠡᠨ ᠮᠡᠳᠡᠭᠦᠯᠬᠦ;
ᠮᠣᠩᠭᠣᠯ ᠬᠡᠯᠡᠨ ᠦ ᠲᠤᠬᠠᠢ ᠬᠠᠤᠯᠢ ᠶᠢᠨ 22.1 ᠍ ᠲᠤ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠠᠴᠠ ᠪᠣᠯᠪᠠᠰᠤᠷᠠᠭᠤᠯᠤᠭᠰᠠᠨ᠂ ᠳ᠋ᠦᠩᠨᠡᠯᠲᠡ ᠭᠠᠷᠭᠠᠭᠰᠠᠨ ᠺᠢᠷᠢᠯ ᠪᠣᠯᠤᠨ ᠦᠨᠳᠦᠰᠦᠨ ᠦ ᠪᠢᠴᠢᠭ ᠦᠨ ᠵᠥᠪ ᠪᠢᠴᠢᠬᠦ ᠳᠦᠷᠢᠮ᠂ ᠲᠡᠭᠦᠨ ᠦ ᠥᠭᠡᠷᠡᠴᠢᠯᠡᠯᠲᠡ ᠶᠢ ᠬᠡᠯᠡᠯᠴᠡᠨ ᠪᠠᠲᠤᠯᠠᠬᠤ;
ᠮᠣᠩᠭᠣᠯ ᠬᠡᠯᠡᠨ ᠦ ᠲᠤᠬᠠᠢ ᠬᠠᠤᠯᠢ ᠶᠢᠨ 22.1 ᠍ ᠲᠤ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠶᠢᠨ ᠳ᠋ᠦᠩᠨᠡᠯᠲᠡ ᠳᠦ ᠦᠨᠳᠦᠰᠦᠯᠡᠨ ᠺᠢᠷᠢᠯ ᠪᠣᠯᠤᠨ ᠦᠨᠳᠦᠰᠦᠨ ᠦ ᠪᠢᠴᠢᠭ ᠦᠨ ᠵᠥᠪ ᠪᠢᠴᠢᠬᠦ ᠳᠦᠷᠢᠮ ᠦᠨ ᠲᠣᠯᠢ᠂ ᠦᠭᠡ ᠶᠢᠨ ᠰᠠᠩ ᠤᠨ ᠲᠣᠯᠢ ᠪᠣᠯᠤᠨ ᠪᠤᠰᠤᠳ ᠬᠣᠯᠪᠣᠭᠣᠳᠠᠬᠤ ᠲᠣᠯᠢ ᠪᠢᠴᠢᠭ ᠢ ᠬᠡᠯᠡᠯᠴᠡᠨ ᠪᠠᠲᠤᠯᠠᠬᠤ;
ᠮᠣᠩᠭᠣᠯ ᠬᠡᠯᠡᠨ ᠦ ᠲᠤᠬᠠᠢ ᠬᠠᠤᠯᠢ ᠶᠢᠨ 22.1 ᠍ ᠲᠤ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠠᠴᠠ ᠪᠣᠯᠪᠠᠰᠤᠷᠠᠭᠤᠯᠤᠭᠰᠠᠨ ᠭᠠᠳᠠᠭᠠᠳᠤ ᠨᠡᠷ᠎ᠡ ᠲᠣᠮᠢᠶᠠᠨ ᠤ ᠣᠷᠴᠢᠭᠤᠯᠭ᠎ᠠ᠂ ᠮᠣᠩᠭᠣᠯ ᠬᠡᠯᠡᠨ ᠦ ᠦᠭᠡ ᠶᠢᠨ ᠰᠠᠩ ᠳᠤ ᠣᠷᠣᠭᠤᠯᠬᠤ ᠰᠢᠨ᠎ᠡ ᠨᠡᠷ᠎ᠡ ᠲᠣᠮᠢᠶ᠎ᠠ ᠶᠢ ᠬᠡᠯᠡᠯᠴᠡᠨ ᠪᠠᠲᠤᠯᠠᠬᠤ;
ᠭᠠᠵᠠᠷ ᠨᠤᠲᠤᠭ᠂ ᠭᠤᠳᠤᠮᠵᠢ᠂ ᠵᠠᠮ᠂ ᠲᠠᠯᠠᠪᠠᠢ ᠳᠤ ᠭᠠᠳᠠᠭᠠᠳᠤ ᠨᠡᠷ᠎ᠡ ᠣᠨᠣᠭᠠᠬᠤ ᠡᠰᠡᠬᠦ ᠠᠰᠠᠭᠤᠳᠠᠯ ᠢᠶᠠᠷ ᠰᠠᠨᠠᠯ᠂ ᠳ᠋ᠦᠩᠨᠡᠯᠲᠡ ᠭᠠᠷᠭᠠᠵᠤ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ ᠳᠤ ᠢᠯᠡᠭᠡᠬᠦ;
ᠲᠥᠷᠦ ᠶᠢᠨ ᠠᠯᠪᠠᠨ ᠳᠤ ᠠᠩᠬ᠎ᠠ ᠣᠷᠣᠬᠤ ᠢᠷᠭᠡᠨ ᠡᠴᠡ ᠠᠪᠬᠤ ᠮᠣᠩᠭᠣᠯ ᠬᠡᠯᠡᠨ ᠦ ᠲᠥᠪᠰᠢᠨ ᠲᠣᠭᠲᠠᠭᠠᠬᠤ ᠰᠢᠯᠭᠠᠯᠲᠠ ᠶᠢᠨ ᠠᠭᠤᠯᠭ᠎ᠠ ᠶᠢ ᠡᠨᠡ ᠬᠠᠤᠯᠢ ᠶᠢᠨ 13 ᠳ᠋ᠤᠭᠠᠷ ᠵᠦᠢᠯ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠠᠴᠠ ᠢᠷᠡᠭᠦᠯᠦᠭᠰᠡᠨ ᠦ ᠳᠠᠭᠠᠤ ᠬᠡᠯᠡᠯᠴᠡᠨ ᠪᠠᠲᠤᠯᠠᠬᠤ;
ᠮᠣᠩᠭᠣᠯ ᠬᠡᠯᠡᠨ ᠦ ᠲᠤᠬᠠᠢ ᠬᠠᠤᠯᠢ ᠶᠢᠨ 22.1 ᠍ ᠲᠤ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠶᠢᠨ ᠳ᠋ᠦᠩᠨᠡᠯᠲᠡ ᠳᠦ ᠦᠨᠳᠦᠰᠦᠯᠡᠨ ᠺᠢᠷᠢᠯ ᠪᠣᠯᠤᠨ ᠦᠨᠳᠦᠰᠦᠨ ᠦ ᠪᠢᠴᠢᠭ ᠷᠦᠦ ᠬᠠᠷᠢᠯᠴᠠᠨ ᠬᠥᠷᠪᠡᠭᠦᠯᠬᠦ᠂ ᠵᠥᠪ ᠪᠢᠴᠢᠬᠦ ᠳᠦᠷᠢᠮ ᠦᠨ ᠠᠯᠳᠠᠭ᠎ᠠ ᠬᠢᠨᠠᠬᠤ ᠫᠷᠣᠭᠷᠠᠮ ᠢ ᠬᠡᠯᠡᠯᠴᠡᠨ ᠪᠠᠲᠤᠯᠠᠬᠤ;
ᠲᠥᠷᠥ ᠶᠢᠨ ᠪᠠᠶᠢᠭᠤᠯᠤᠯᠭ᠎ᠠ᠂ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠮᠣᠩᠭᠣᠯ ᠬᠡᠯᠡᠨ ᠦ ᠬᠡᠮ ᠬᠡᠮᠵᠢᠶ᠎ᠡ ᠶᠢ ᠪᠠᠷᠢᠮᠲᠠᠯᠠᠵᠤ ᠪᠠᠶᠢᠭ᠎ᠠ ᠡᠰᠡᠬᠦ ᠳᠦ ᠬᠢᠨᠠᠯᠲᠠ ᠲᠠᠯᠪᠢᠵᠤ᠂ ᠳ᠋ᠦᠩᠨᠡᠯᠲᠡ ᠭᠠᠷᠭᠠᠬᠤ;
ᠮᠣᠩᠭᠣᠯ ᠬᠡᠯᠡᠨ ᠦ ᠲᠤᠬᠠᠢ ᠬᠠᠤᠯᠢ ᠶᠢᠨ ᠬᠡᠷᠡᠭᠵᠢᠯᠲᠡ ᠳᠦ ᠵᠢᠯ ᠪᠦᠷᠢ ᠦᠨᠡᠯᠡᠭᠡ ᠬᠢᠵᠦ᠂ ᠦᠷ᠎ᠡ ᠳᠦᠩ ᠢ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠲᠠᠶᠢᠯᠤᠩᠨᠠᠬᠤ;
ᠮᠣᠩᠭᠣᠯ ᠬᠡᠯᠡᠨ ᠦ ᠲᠤᠬᠠᠢ ᠬᠠᠤᠯᠢ ᠶᠢᠨ ᠬᠡᠷᠡᠭᠵᠢᠯᠲᠡ᠂ ᠵᠥᠷᠢᠴᠡᠯ ᠦᠨ ᠲᠠᠯ᠎ᠠ ᠪᠠᠷ ᠮᠡᠳᠡᠭᠡᠯᠡᠯ ᠬᠦᠯᠢᠶᠡᠨ ᠠᠪᠴᠤ᠂ ᠬᠣᠯᠪᠣᠭᠳᠠᠬᠤ ᠡᠷᠬᠡ ᠪᠦᠬᠦᠢ ᠪᠠᠶᠢᠭᠤᠯᠤᠯᠭ᠎ᠠ ᠳᠤ ᠬᠠᠨᠳᠤᠨ ᠰᠢᠢᠳᠪᠦᠷᠢᠯᠡᠭᠦᠯᠬᠦ;
ᠮᠣᠩᠭᠣᠯ ᠬᠡᠯᠡᠨ ᠦ ᠲᠤᠬᠠᠢ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠲᠠᠢ ᠬᠠᠮᠲᠤᠷᠠᠨ ᠮᠣᠩᠭᠣᠯ ᠬᠡᠯᠡ᠂ ᠪᠢᠴᠢᠭ ᠦᠰᠦᠭ ᠦᠨ ᠬᠡᠷᠡᠭᠯᠡᠭᠡ ᠶᠢ ᠣᠯᠠᠨ ᠨᠡᠶᠢᠲᠡ ᠳᠦ ᠰᠤᠷᠲᠠᠯᠴᠢᠯᠠᠬᠤ᠂ ᠲᠦᠭᠡᠭᠡᠨ ᠳᠡᠯᠭᠡᠷᠡᠭᠦᠯᠬᠦ ᠠᠵᠢᠯ ᠢ ᠬᠡᠷᠡᠭᠵᠢᠭᠦᠯᠬᠦ ᠡᠭᠦᠷᠭᠡ ᠲᠡᠢ᠃
ᠪᠢᠴᠢᠭᠰᠡᠨ᠄
ᠠᠵᠢᠯ ᠤᠨ ᠠᠯᠪᠠ
Бичсэн:
ажлын алба
ᠪᠤᠰᠤᠳ ᠨᠡᠶᠢᠲᠡᠯᠡᠯ
ᠵᠥᠪᠯᠡᠯ ᠦᠨ ᠲᠤᠬᠠᠢ
ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ ᠨᠢ ᠠᠩᠬ᠎ᠠ ᠲᠥᠷᠦ ᠶᠢᠨ ᠬᠡᠯᠡᠨ ᠦ ᠵᠥᠪᠯᠡᠯ ᠨᠡᠷ᠎ᠡ ᠲᠡᠢ ᠪᠡᠷ ᠁
ᠠᠵᠢᠯ ᠤᠨ ᠠᠯᠪᠠ
ᠮᠣᠩᠭᠣᠯ ᠬᠡᠯᠡᠨ ᠦ ᠲᠤᠬᠠᠢ ᠬᠠᠤᠯᠢ ᠶᠢᠨ 6 ᠳ᠋ᠤᠭᠠᠷ ᠪᠦᠯᠦᠭ᠂ 21 ᠳ᠋ᠦ᠋ᠭᠡᠷ ᠵᠦᠢᠯ ᠦᠨ ᠁
ᠵᠥᠪᠯᠡᠯ ᠦᠨ ᠴᠢᠭ᠂ ᠡᠭᠦᠷᠭᠡ
ᠮᠣᠩᠭᠣᠯ ᠬᠡᠯᠡ᠂ ᠪᠢᠴᠢᠭ ᠦᠰᠦᠭ ᠢ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠡᠢ ᠬᠣᠯᠪᠣᠭ᠎ᠠ ᠲᠠᠢ ᠪᠣᠳᠣᠯᠭ᠎ᠠ ᠪᠣᠯᠪᠠᠰᠤᠷᠠᠭᠤᠯᠵᠤ᠂ ᠁
×
Галигласан бичвэр