ᠮᠣᠩᠭᠣᠯ ᠬᠡᠯᠡᠨ ᠦ ᠲᠤᠬᠠᠢ ᠬᠠᠤᠯᠢ
ᠮᠣᠩᠭᠣᠯ ᠤᠯᠤᠰ ᠤᠨ ᠬᠠᠤᠯᠢ
2015 ᠣᠨ ᠤ 02 ᠰᠠᠷ᠎ᠠ ᠶᠢᠨ 12 ᠡᠳᠦᠷ
ᠮᠣᠩᠭᠣᠯ ᠬᠡᠯᠡᠨ ᠦ ᠲᠤᠬᠠᠢ
ᠨᠢᠭᠡᠳᠦᠭᠡᠷ ᠪᠦᠯᠦᠭ
ᠨᠡᠶᠢᠲᠡᠯᠢᠭ ᠦᠨᠳᠦᠰᠦᠯᠡᠯ
1 ᠳ᠋ᠦ᠋ᠭᠡᠷ ᠵᠦᠢᠯ᠃ ᠬᠠᠤᠯᠢ ᠶᠢᠨ ᠵᠣᠷᠢᠯᠲᠠ
1.1.ᠡᠨᠡ ᠬᠠᠤᠯᠢ ᠶᠢᠨ ᠵᠣᠷᠢᠯᠲᠠ ᠨᠢ ᠮᠣᠩᠭᠣᠯ ᠬᠡᠯᠡ᠂ ᠪᠢᠴᠢᠭ ᠦᠰᠦᠭ ᠢᠶᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠡᠢ ᠬᠣᠯᠪᠣᠭᠳᠠᠭᠰᠠᠨ ᠬᠠᠷᠢᠯᠴᠠᠭ᠎ᠠ ᠶᠢ ᠵᠣᠬᠢᠴᠠᠭᠤᠯᠬᠤ ᠳᠤ ᠣᠷᠣᠰᠢᠨ᠎ᠠ᠃
2 ᠳ᠋ᠤᠭᠠᠷ ᠵᠦᠢᠯ.ᠮᠣᠩᠭᠣᠯ ᠬᠡᠯᠡᠨ ᠦ ᠲᠤᠬᠠᠢ ᠬᠠᠤᠯᠢ ᠲᠣᠭᠲᠠᠭᠠᠮᠵᠢ
2.1.ᠮᠣᠩᠭᠣᠯ ᠬᠡᠯᠡᠨ ᠦ ᠲᠤᠬᠠᠢ ᠬᠠᠤᠯᠢ ᠲᠣᠭᠲᠠᠭᠠᠮᠵᠢ ᠨᠢ ᠮᠣᠩᠭᠣᠯ ᠤᠯᠤᠰ ᠤᠨ ᠦᠨᠳᠦᠰᠦᠨ ᠬᠠᠤᠯᠢ (1)᠂ ᠮᠣᠩᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠶᠢᠳᠠᠯ ᠤᠨ ᠦᠵᠡᠯ ᠪᠠᠷᠢᠮᠲᠠᠯᠠᠯ (2)᠂ ᠡᠨᠡ ᠬᠠᠤᠯᠢ ᠪᠣᠯᠤᠨ ᠡᠳᠡᠭᠡᠷ ᠲᠡᠢ ᠨᠡᠶᠢᠴᠡᠭᠦᠯᠦᠨ ᠭᠠᠷᠭᠠᠭᠰᠠᠨ ᠬᠠᠤᠯᠢ ᠲᠣᠭᠲᠠᠭᠠᠮᠵᠢ ᠶᠢᠨ ᠪᠤᠰᠤᠳ ᠠᠺᠲ ᠠᠴᠠ ᠪᠦᠷᠢᠳᠦᠨ᠎ᠡ᠃
2.2.ᠮᠣᠩᠭᠣᠯ ᠤᠯᠤᠰ ᠤᠨ ᠣᠯᠠᠨ ᠤᠯᠤᠰ ᠤᠨ ᠭᠡᠷᠢᠶᠡᠨ ᠳᠦ ᠡᠨᠡ ᠬᠠᠤᠯᠢ ᠳᠤ ᠵᠢᠭᠠᠭᠰᠠᠨ ᠠᠴᠠ ᠥᠭᠡᠷ᠎ᠡ ᠪᠡᠷ ᠵᠢᠭᠠᠭᠰᠠᠨ ᠪᠣᠯ ᠤᠭ ᠭᠡᠷ᠎ᠡ ᠶᠢᠨ ᠵᠢᠭᠠᠯᠲᠠ ᠶᠢ ᠳᠠᠭᠠᠵᠤ ᠮᠥᠷᠳᠡᠨ᠎ᠡ᠃
3 ᠳ᠋ᠤᠭᠠᠷ ᠵᠦᠢᠯ.ᠬᠠᠤᠯᠢ ᠶᠢᠨ ᠦᠢᠯᠡᠴᠢᠯᠡᠬᠦ ᠬᠦᠷᠢᠶ᠎ᠡ
3.1.ᠡᠨᠡ ᠬᠠᠤᠯᠢ ᠮᠣᠩᠭᠣᠯ ᠤᠯᠤᠰ ᠤᠨ ᠢᠷᠭᠡᠨ᠂ ᠬᠠᠤᠯᠢ ᠶᠢᠨ ᠡᠲᠡᠭᠡᠳ᠂ ᠲᠥᠷᠥ ᠶᠢᠨ ᠪᠠᠶᠢᠭᠤᠯᠤᠯᠭ᠎ᠠ᠂ ᠮᠣᠩᠭᠣᠯ ᠤᠯᠤᠰ ᠤᠨ ᠨᠤᠲᠤᠭ ᠳᠡᠪᠢᠰᠬᠡᠷ ᠳᠡᠭᠡᠷ᠎ᠡ ᠪᠠᠶᠢᠩᠭᠤ ᠣᠷᠣᠰᠢᠨ ᠰᠠᠭᠤᠭ᠎ᠠ ᠭᠠᠳᠠᠭᠠᠳᠤ ᠶᠢᠨ ᠢᠷᠭᠡᠨ᠂ ᠬᠠᠷᠢᠶᠠᠯᠠᠯ ᠦᠭᠡᠢ ᠬᠦᠮᠦᠨ᠂ ᠮᠣᠩᠭᠣᠯ ᠤᠯᠤᠰ ᠲᠤ ᠰᠠᠭᠤᠭ᠎ᠠ ᠳ᠋ᠢᠫᠯᠣᠮᠠᠲ ᠲᠥᠯᠥᠭᠡᠯᠡᠭᠴᠢ ᠶᠢᠨ ᠭᠠᠵᠠᠷ᠂ ᠪᠤᠰᠤᠳ ᠬᠠᠤᠯᠢ ᠶᠢᠨ ᠡᠲᠡᠭᠡᠳ ᠲᠦ ᠬᠠᠮᠢᠶᠠᠷᠤᠨ᠎ᠠ᠃
4 ᠳᠦᠭᠢᠷᠡ ᠵᠦᠢᠯ.ᠬᠠᠤᠯᠢ ᠶᠢᠨ ᠨᠡᠷ᠎ᠡ ᠲᠣᠮᠢᠶᠠᠨ ᠤ ᠲᠣᠳᠣᠷᠬᠠᠶᠢᠯᠠᠯᠲᠠ
4.1.ᠡᠨᠡ ᠬᠠᠤᠯᠢ ᠳᠤ ᠬᠡᠷᠡᠭᠯᠡᠭᠰᠡᠨ ᠳᠠᠷᠠᠭᠠᠬᠢ ᠨᠡᠷ᠎ᠡ ᠲᠣᠮᠢᠶ᠎ᠠ ᠶᠢ ᠳᠣᠣᠷ᠎ᠠ ᠳᠤᠷᠠᠳᠤᠭᠰᠠᠨ ᠤᠳᠬ᠎ᠠ ᠪᠠᠷ ᠣᠶᠢᠯᠠᠭᠠᠨ᠎ᠠ᠄
4.1.1.《ᠲᠥᠷᠥ ᠶᠢᠨ ᠠᠯᠪᠠᠨ ᠶᠣᠰᠣᠨ ᠤ ᠬᠡᠯᠡ》 ᠭᠡᠵᠦ ᠲᠥᠷᠥ ᠶᠢᠨ ᠪᠠᠶᠢᠭᠤᠯᠤᠯᠭ᠎ᠠ᠂ ᠬᠠᠤᠯᠢ ᠶᠢᠨ ᠡᠲᠡᠭᠡᠳ ᠦᠨ ᠠᠯᠢᠪᠠ ᠦᠢᠯᠡ ᠠᠵᠢᠯᠯᠠᠭ᠎ᠠ ᠪᠠᠨ ᠶᠠᠪᠤᠭᠤᠯᠬᠤ᠂ ᠠᠯᠪᠠᠨ ᠬᠡᠷᠡᠭ ᠬᠥᠲᠥᠯᠬᠦ ᠣᠷᠴᠢᠨ ᠴᠠᠭ ᠤᠨ ᠤᠳᠬ᠎ᠠ ᠵᠣᠬᠢᠶᠠᠯ ᠤᠨ ᠮᠣᠩᠭᠣᠯ ᠬᠡᠯᠡ ᠶᠢ;
4.1.2.《ᠮᠣᠩᠭᠣᠯ ᠬᠡᠯᠡᠨ ᠦ ᠬᠡᠮ ᠬᠡᠮᠵᠢᠶ᠎ᠡ》 ᠭᠡᠵᠦ ᠣᠷᠴᠢᠨ ᠴᠠᠭ ᠤᠨ ᠤᠳᠬ᠎ᠠ ᠵᠣᠬᠢᠶᠠᠯ ᠤᠨ ᠮᠣᠩᠭᠣᠯ ᠬᠡᠯᠡᠨ ᠦ ᠨᠠᠶᠢᠷᠠᠭᠤᠯᠤᠨ ᠪᠢᠴᠢᠬᠦ᠂ ᠵᠥᠪ ᠳᠠᠭᠤᠳᠠᠬᠤ ᠶᠣᠰᠣ᠂ ᠵᠦᠢ ᠲᠣᠭᠲᠠᠯ᠂ ᠵᠥᠪ ᠪᠢᠴᠢᠬᠦ ᠳᠦᠷᠢᠮ ᠢ;
4.1.3.《ᠦᠨᠳᠦᠰᠦᠨ ᠦ ᠪᠢᠴᠢᠭ》 ᠭᠡᠵᠦ ᠤᠯᠠᠮᠵᠢᠯᠠᠯᠲᠤ ᠮᠣᠩᠭᠣᠯ ᠪᠢᠴᠢᠭ ᠢ;
4.1.4.《ᠮᠣᠩᠭᠣᠯ ᠬᠡᠯᠡ᠂ ᠪᠢᠴᠢᠭ》 ᠭᠡᠵᠦ ᠮᠣᠩᠭᠣᠯ ᠬᠡᠯᠡ᠂ ᠺᠢᠷᠢᠯ ᠪᠣᠯᠤᠨ ᠦᠨᠳᠦᠰᠦᠨ ᠦ ᠪᠢᠴᠢᠭ ᠢ᠃
5 ᠳ᠋ᠤᠭᠠᠷ ᠵᠦᠢᠯ.ᠬᠠᠤᠯᠢ ᠶᠢᠨ ᠦᠨᠳᠦᠰᠦᠨ ᠵᠠᠷᠴᠢᠮ
5.1.ᠮᠣᠩᠭᠣᠯ ᠬᠡᠯᠡ ᠨᠢ ᠮᠣᠩᠭᠣᠯ ᠦᠨᠳᠦᠰᠦᠲᠡᠨ ᠦ ᠣᠶᠤᠨ ᠤ ᠰᠣᠶᠣᠯ ᠤᠨ ᠦᠨᠡᠲᠦ ᠥᠪ᠂ ᠦᠨᠳᠦᠰᠦᠨ ᠦ ᠰᠣᠶᠣᠯ ᠢᠷᠭᠡᠨᠰᠢᠯ ᠦᠨ ᠢᠵᠠᠭᠤᠷ ᠦᠨᠳᠦᠰᠦ᠂ ᠤᠯᠤᠰ ᠣᠷᠣᠨ ᠤ ᠨᠢᠭᠡᠳᠦᠮᠡᠯ ᠪᠠᠶᠢᠳᠠᠯ᠂ ᠦᠨᠳᠦᠰᠦᠨ ᠦ ᠠᠶᠤᠯ ᠦᠭᠡᠢ ᠪᠠᠶᠢᠳᠠᠯ᠂ ᠲᠤᠰᠠᠭᠠᠷ ᠲᠣᠭᠲᠠᠨᠢᠯ ᠤᠨ ᠨᠢᠭᠡᠨ ᠪᠠᠲᠤᠯᠠᠭ᠎ᠠ ᠮᠥᠨ᠃
5.2.ᠮᠣᠩᠭᠣᠯ ᠬᠡᠯᠡ᠂ ᠪᠢᠴᠢᠭ ᠦᠰᠦᠭ ᠢ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠪᠣᠳᠣᠯᠭ᠎ᠠ ᠪᠣᠯᠪᠠᠰᠤᠷᠠᠭᠤᠯᠬᠤ᠂ ᠲᠡᠭᠦᠨ ᠦ ᠬᠡᠷᠡᠭᠵᠢᠯᠲᠡ ᠶᠢ ᠬᠠᠩᠭᠠᠬᠤ ᠨᠢ ᠲᠥᠷᠥ ᠶᠢᠨ ᠡᠭᠦᠷᠭᠡ ᠮᠥᠨ᠃
5.3.ᠮᠣᠩᠭᠣᠯ ᠤᠯᠤᠰ ᠤᠨ ᠢᠷᠭᠡᠨ ᠪᠦᠷ ᠮᠣᠩᠭᠣᠯ ᠬᠡᠯᠡ᠂ ᠪᠢᠴᠢᠭ ᠦᠰᠦᠭ ᠢᠶᠡᠨ ᠰᠤᠷᠬᠤ᠂ ᠮᠣᠩᠭᠣᠯ ᠬᠡᠯᠡ ᠪᠡᠷ ᠮᠡᠳᠡᠭᠡᠯᠡᠯ ᠠᠪᠬᠤ᠂ ᠥᠪᠯᠡᠬᠦ᠂ ᠥᠪᠯᠡᠭᠦᠯᠬᠦ᠂ ᠬᠠᠮᠠᠭᠠᠯᠠᠬᠤ᠂ ᠬᠥᠭᠵᠢᠭᠦᠯᠬᠦ ᠪᠣᠯᠤᠮᠵᠢ᠂ ᠨᠥᠬᠥᠴᠡᠯ ᠢᠶᠡᠷ ᠬᠠᠩᠭᠠᠭᠳᠠᠬᠤ ᠡᠷᠬᠡ ᠲᠡᠢ᠃
ᠬᠣᠶᠠᠳᠤᠭᠠᠷ ᠪᠦᠯᠦᠭ
ᠮᠣᠩᠭᠣᠯ ᠬᠡᠯᠡ ᠶᠢ ᠬᠡᠷᠡᠭᠯᠡᠬᠦ
6 ᠳ᠋ᠤᠭᠠᠷ ᠵᠦᠢᠯ.ᠮᠣᠩᠭᠣᠯ ᠬᠡᠯᠡ ᠶᠢ ᠬᠡᠷᠡᠭᠯᠡᠬᠦ
6.1.ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠳᠠᠷᠠᠭᠠᠬᠢ ᠦᠢᠯᠡ ᠠᠵᠢᠯᠯᠠᠭ᠎ᠠ᠂ ᠠᠯᠪᠠᠨ ᠬᠡᠷᠡᠭ ᠢ ᠮᠣᠩᠭᠣᠯ ᠬᠡᠯᠡ ᠪᠡᠷ ᠬᠥᠲᠥᠯᠦᠨ ᠶᠠᠪᠤᠭᠤᠯᠤᠨ᠎ᠠ᠄
6.1.1.ᠲᠥᠷᠥ ᠶᠢᠨ ᠪᠣᠯᠤᠨ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ᠂ ᠬᠠᠤᠯᠢ ᠶᠢᠨ ᠡᠲᠡᠭᠡᠳ ᠦᠨ ᠦᠢᠯᠡ ᠠᠵᠢᠯᠯᠠᠭ᠎ᠠ᠂ ᠠᠯᠪᠠᠨ ᠬᠡᠷᠡᠭ ᠬᠥᠲᠦᠯᠦᠯ ᠳᠦ;
6.1.2.ᠲᠥᠷᠥ ᠡᠴᠡ ᠣᠯᠭᠤᠭᠰᠠᠨ ᠵᠥᠪᠰᠢᠶᠡᠷᠡᠯ ᠦᠨ ᠳᠠᠭᠠᠤ ᠭᠠᠳᠠᠭᠠᠳᠤ ᠬᠡᠯᠡ ᠪᠡᠷ ᠰᠤᠷᠭᠠᠯᠲᠠ ᠶᠠᠪᠤᠭᠤᠯᠳᠠᠭ ᠪᠠᠶᠢᠭᠤᠯᠤᠯᠭ᠎ᠠ ᠠᠴᠠ ᠪᠤᠰᠤᠳ ᠪᠦᠬᠦ ᠱᠠᠲᠤᠨ ᠤ ᠪᠣᠯᠪᠠᠰᠤᠷᠠᠯ ᠤᠨ ᠪᠠᠶᠢᠭᠤᠯᠤᠯᠭ᠎ᠠ ᠶᠢᠨ ᠰᠤᠷᠭᠠᠯᠲᠠ;
6.1.3.ᠪᠦᠬᠦ ᠱᠠᠲᠤᠨ ᠤ ᠰᠢᠭᠦᠨ ᠲᠠᠰᠤᠯᠬᠤ ᠠᠵᠢᠯᠯᠠᠭᠠᠨ ᠤ ᠲᠡᠮᠳᠡᠭᠯᠡᠯ᠂ ᠠᠷᠬᠢᠸ ᠤᠨ ᠬᠣᠯᠪᠣᠭᠳᠠᠬᠤ ᠪᠠᠷᠢᠮᠲᠠ ᠪᠢᠴᠢᠭ;
6.1.4.ᠮᠣᠩᠭᠣᠯ ᠤᠯᠤᠰ ᠤᠨ ᠣᠯᠠᠨ ᠤᠯᠤᠰ ᠤᠨ ᠭᠡᠷ᠎ᠡ;
6.1.5.ᠮᠣᠩᠭᠣᠯ ᠤᠯᠤᠰ ᠠᠴᠠ ᠭᠠᠳᠠᠭᠠᠳᠤ ᠤᠯᠤᠰ᠂ ᠳ᠋ᠢᠫᠯᠣᠮᠠᠲ ᠲᠥᠯᠥᠭᠡᠯᠡᠭᠴᠢ ᠶᠢᠨ ᠭᠠᠵᠠᠷ ᠲᠤ ᠢᠯᠡᠭᠡᠬᠦ ᠠᠯᠪᠠᠨ ᠶᠣᠰᠣᠨ ᠤ ᠨᠣᠲ᠋ᠠ ᠪᠢᠴᠢᠭ;
6.1.6.ᠮᠣᠩᠭᠣᠯ ᠤᠯᠤᠰ ᠤᠨ ᠢᠷᠭᠡᠨ ᠦ ᠦᠨᠡᠮᠯᠡᠬᠦ᠂ ᠲᠥᠷᠦᠭᠰᠡᠨ ᠦ ᠪᠣᠯᠤᠨ ᠭᠡᠷᠯᠡᠯᠲᠡ ᠶᠢᠨ ᠭᠡᠷᠡᠴᠢᠯᠡᠭᠡ᠂ ᠦᠨᠳᠦᠰᠦᠨ ᠦ ᠭᠠᠳᠠᠭᠠᠳᠤ ᠫᠠᠰᠫᠣᠷᠲ᠂ ᠪᠣᠯᠪᠠᠰᠤᠷᠠᠯ ᠤᠨ ᠪᠠᠷᠢᠮᠲᠠ ᠪᠢᠴᠢᠭ;
6.1.7.ᠭᠠᠵᠠᠷ ᠨᠤᠲᠤᠭ᠂ ᠵᠠᠰᠠᠭ ᠵᠠᠬᠢᠷᠭᠠᠨ ᠤ ᠨᠢᠭᠡᠴᠡ᠂ ᠭᠤᠳᠤᠮᠵᠢ᠂ ᠵᠠᠮ᠂ ᠲᠠᠯᠠᠪᠠᠢ᠂ ᠬᠠᠤᠯᠢ ᠶᠢᠨ ᠡᠲᠡᠭᠡᠳ ᠦᠨ ᠨᠡᠷ᠎ᠡ᠂ ᠬᠠᠶᠠᠭ;
6.1.8.ᠮᠣᠩᠭᠣᠯ ᠤᠯᠤᠰ ᠤᠨ ᠨᠤᠲᠤᠭ ᠳᠡᠪᠢᠰᠬᠡᠷ ᠳᠡᠭᠡᠷᠡᠬᠢ ᠪᠢᠴᠢᠭ᠂ ᠵᠠᠬᠢᠳᠠᠯ ᠬᠦᠯᠢᠶᠡᠨ ᠠᠪᠤᠭᠴᠢ᠂ ᠢᠯᠡᠭᠡᠭᠴᠢ ᠶᠢᠨ ᠬᠠᠶᠠᠭ;
6.1.9.ᠲᠥᠷᠥ ᠶᠢᠨ ᠪᠣᠯᠤᠨ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ ᠠᠴᠠ ᠬᠡᠪᠯᠡᠨ ᠭᠠᠷᠭᠠᠬᠤ ᠮᠡᠳᠡᠭᠡᠯᠡᠯ᠂ ᠲᠣᠪᠬᠢᠮᠠᠯ;
6.1.10.ᠣᠯᠠᠨ ᠨᠡᠶᠢᠲᠡ ᠳᠦ ᠵᠣᠷᠢᠭᠤᠯᠤᠭᠰᠠᠨ ᠵᠠᠷ;
6.1.11.ᠠᠯᠪᠠᠨ ᠪᠠᠶᠢᠭᠤᠯᠤᠯᠭ᠎ᠠ᠂ ᠪᠠᠷᠢᠯᠭ᠎ᠠ᠂ ᠪᠠᠶᠢᠭᠤᠯᠤᠮᠵᠢ᠂ ᠨᠡᠶᠢᠲᠡ ᠶᠢᠨ ᠲᠡᠭᠡᠭᠡᠪᠦᠷᠢ ᠶᠢᠨ ᠬᠡᠷᠡᠭᠰᠡᠯ ᠳᠦ ᠪᠠᠶᠢᠷᠢᠯᠠᠭᠤᠯᠬᠤ ᠵᠢᠭᠠᠪᠤᠷᠢᠴᠢᠯᠠᠭ᠎ᠠ᠂ ᠮᠡᠳᠡᠭᠡᠯᠡᠯ᠂ ᠠᠶᠤᠯ ᠦᠭᠡᠢ ᠠᠵᠢᠯᠯᠠᠭᠠᠨ ᠤ ᠰᠠᠨᠠᠮᠵᠢ᠃
6.2.ᠡᠨᠡ ᠬᠠᠤᠯᠢ ᠶᠢᠨ 6.1.4-6.1.6᠂ 6.1.9-6.1.11 ᠍ ᠳᠦ ᠵᠢᠭᠠᠭᠰᠠᠨ ᠦᠢᠯᠡ ᠠᠵᠢᠯᠯᠠᠭ᠎ᠠ ᠶᠠᠪᠤᠭᠤᠯᠬᠤ᠂ ᠠᠯᠪᠠᠨ ᠬᠡᠷᠡᠭ ᠬᠥᠲᠥᠯᠬᠦ ᠳᠦ ᠣᠯᠠᠨ ᠤᠯᠤᠰ ᠤᠨ ᠬᠠᠷᠢᠯᠴᠠᠭᠠᠨ ᠤ ᠬᠡᠷᠡᠭᠴᠡᠭᠡ᠂ ᠱᠠᠭᠠᠷᠳᠠᠯᠭ᠎ᠠ ᠶᠢ ᠬᠠᠷᠠᠭᠠᠯᠵᠠᠨ ᠭᠠᠳᠠᠭᠠᠳᠤ ᠬᠡᠯᠡ ᠳᠠᠪᠬᠤᠷ ᠬᠡᠷᠡᠭᠯᠡᠵᠦ ᠪᠣᠯᠤᠨ᠎ᠠ᠃
6.3.ᠲᠥᠷᠥ ᠡᠴᠡ ᠣᠯᠭᠤᠭᠰᠠᠨ ᠵᠥᠪᠰᠢᠶᠡᠷᠡᠯ ᠦᠨ ᠳᠠᠭᠠᠤ ᠭᠠᠳᠠᠭᠠᠳᠤ ᠬᠡᠯᠡ ᠪᠡᠷ ᠰᠤᠷᠭᠠᠯᠲᠠ ᠶᠠᠪᠤᠭᠤᠯᠳᠠᠭ ᠪᠣᠯᠤᠨ ᠭᠠᠳᠠᠭᠠᠳᠤ ᠬᠡᠯᠡ ᠵᠢᠭᠠᠬᠤ ᠲᠤᠰᠬᠠᠢ ᠵᠥᠪᠰᠢᠶᠡᠷᠡᠯ ᠪᠦᠬᠦᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠠᠴᠠ ᠪᠤᠰᠤᠳ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠳᠤ ᠭᠠᠳᠠᠭᠠᠳᠤ ᠬᠡᠯᠡ ᠶᠢ ᠲᠠᠪᠤᠳᠤᠭᠠᠷ ᠠᠩᠭᠢ ᠠᠴᠠ ᠡᠬᠢᠯᠡᠨ ᠵᠢᠭᠠᠵᠤ ᠪᠣᠯᠤᠨ᠎ᠠ᠃
6.4.ᠭᠠᠵᠠᠷ ᠨᠤᠲᠤᠭ᠂ ᠭᠤᠳᠤᠮᠵᠢ᠂ ᠵᠠᠮ᠂ ᠲᠠᠯᠠᠪᠠᠢ ᠳᠤ ᠭᠠᠳᠠᠭᠠᠳᠤ ᠨᠡᠷ᠎ᠡ ᠣᠨᠣᠭᠠᠬᠤ ᠠᠰᠠᠭᠤᠳᠠᠯ ᠢ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ ᠡᠨᠡ ᠬᠠᠤᠯᠢ ᠶᠢᠨ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠲᠠᠢ ᠵᠥᠪᠰᠢᠯᠴᠡᠨ ᠰᠢᠢᠳᠪᠦᠷᠢᠯᠡᠨ᠎ᠡ᠃
6.5.ᠪᠦᠬᠦ ᠱᠠᠲᠤᠨ ᠤ ᠰᠤᠷᠭᠠᠯᠲᠠ᠂ ᠡᠷᠳᠡᠮ ᠰᠢᠨᠵᠢᠯᠡᠭᠡᠨ ᠦ ᠠᠵᠢᠯ ᠳᠤ ᠰᠢᠨᠵᠢᠯᠡᠬᠦ ᠤᠬᠠᠭᠠᠨ ᠤ ᠨᠡᠷ᠎ᠡ ᠲᠣᠮᠢᠶ᠎ᠠ ᠶᠢ ᠮᠣᠩᠭᠣᠯ ᠬᠡᠯᠡᠨ ᠢᠶᠡᠨ ᠣᠷᠴᠢᠭᠤᠯᠤᠨ ᠬᠡᠷᠡᠭᠯᠡᠬᠦ ᠶᠢ ᠡᠷᠬᠢᠮᠯᠡᠨ᠎ᠡ᠃
6.6.ᠮᠣᠩᠭᠣᠯ ᠤᠯᠤᠰ ᠲᠤ ᠰᠠᠭᠤᠭ᠎ᠠ ᠭᠠᠳᠠᠭᠠᠳᠤ ᠤᠯᠤᠰ ᠤᠨ ᠳ᠋ᠢᠫᠯᠣᠮᠠᠲ ᠲᠥᠯᠥᠭᠡᠯᠡᠭᠴᠢ ᠶᠢᠨ ᠭᠠᠵᠠᠷ ᠪᠣᠯᠤᠨ ᠣᠯᠠᠨ ᠤᠯᠤᠰ ᠤᠨ ᠪᠠᠶᠢᠭᠤᠯᠤᠯᠭ᠎ᠠ ᠮᠣᠩᠭᠣᠯ ᠤᠯᠤᠰ ᠤᠨ ᠢᠷᠭᠡᠨ᠂ ᠬᠠᠤᠯᠢ ᠶᠢᠨ ᠡᠲᠡᠭᠡᠳ ᠲᠦ ᠭᠠᠳᠠᠭᠠᠳᠤ ᠬᠡᠯᠡ ᠪᠡᠷ ᠬᠠᠨᠳᠤᠬᠤ ᠪᠣᠯ ᠮᠣᠩᠭᠣᠯ ᠣᠷᠴᠢᠭᠤᠯᠭ᠎ᠠ ᠶᠢ ᠬᠠᠪᠰᠠᠷᠭᠠᠨᠠ᠃
6.7.ᠮᠣᠩᠭᠣᠯ ᠤᠯᠤᠰ ᠲᠤ ᠠᠵᠤ ᠠᠬᠤᠢ ᠶᠢᠨ ᠦᠢᠯᠡ ᠠᠵᠢᠯᠯᠠᠭ᠎ᠠ ᠡᠷᠬᠢᠯᠡᠵᠦ ᠪᠠᠶᠢᠭ᠎ᠠ ᠭᠠᠳᠠᠭᠠᠳᠤ ᠶᠢᠨ ᠬᠠᠤᠯᠢ ᠶᠢᠨ ᠡᠲᠡᠭᠡᠳ᠂ ᠲᠥᠷᠥ ᠶᠢᠨ ᠪᠤᠰᠤ ᠪᠠᠶᠢᠭᠤᠯᠤᠯᠭ᠎ᠠ ᠮᠣᠩᠭᠣᠯ ᠤᠯᠤᠰ ᠤᠨ ᠲᠥᠷᠥ ᠶᠢᠨ ᠪᠠᠶᠢᠭᠤᠯᠤᠯᠭ᠎ᠠ᠂ ᠢᠷᠭᠡᠨ ᠲᠡᠢ ᠮᠣᠩᠭᠣᠯ ᠬᠡᠯᠡ ᠪᠡᠷ ᠬᠠᠷᠢᠯᠴᠠᠵᠤ᠂ ᠰᠠᠩᠬᠦᠦ᠂ ᠲᠠᠲᠠᠪᠤᠷᠢ᠂ ᠬᠥᠳᠡᠯᠮᠦᠷᠢ᠂ ᠠᠵᠢᠯ ᠤᠨ ᠪᠠᠶᠢᠷᠢᠨ ᠤ ᠠᠶᠤᠯ ᠦᠭᠡᠢ ᠪᠠᠶᠢᠳᠠᠯ᠂ ᠡᠷᠡᠭᠦᠯ ᠠᠬᠤᠢ ᠶᠢᠨ ᠬᠣᠯᠪᠣᠭᠳᠠᠯ ᠲᠠᠢ ᠪᠠᠷᠢᠮᠲᠠ ᠪᠢᠴᠢᠭ᠂ ᠮᠡᠳᠡᠭᠡᠯᠡᠯ ᠢ ᠮᠣᠩᠭᠣᠯ ᠬᠡᠯᠡ ᠪᠡᠷ ᠦᠢᠯᠡᠳᠦᠨ᠎ᠡ᠃
ᠭᠤᠷᠪᠠᠳᠤᠭᠠᠷ ᠪᠦᠯᠦᠭ
ᠪᠢᠴᠢᠭ ᠦᠰᠦᠭ ᠰᠣᠩᠭᠣᠨ ᠬᠡᠷᠡᠭᠯᠡᠬᠦ
7 ᠳ᠋ᠤᠭᠠᠷ ᠵᠦᠢᠯ.ᠪᠢᠴᠢᠭ ᠦᠰᠦᠭ ᠰᠣᠩᠭᠣᠨ ᠬᠡᠷᠡᠭᠯᠡᠬᠦ
7.1. ᠲᠥᠷᠦ ᠶᠢᠨ ᠪᠣᠯᠤᠨ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ᠂ ᠬᠠᠤᠯᠢ ᠶᠢᠨ ᠡᠲᠡᠭᠡᠳ ᠠᠯᠪᠠᠨ ᠬᠡᠷᠡᠭ ᠢᠶᠡᠨ ᠺᠢᠷᠢᠯ ᠪᠢᠴᠢᠭ ᠢᠶᠡᠷ ᠬᠥᠲᠥᠯᠦᠨ ᠶᠠᠪᠤᠭᠤᠯᠤᠨ᠎ᠠ᠃
7.2. ᠡᠨᠡ ᠬᠠᠤᠯᠢ ᠶᠢᠨ 11.1.2 ᠍ ᠲᠤ ᠵᠢᠭᠠᠭᠰᠠᠨ ᠦᠨᠳᠦᠰᠦᠨ ᠦ ᠪᠢᠴᠢᠭ ᠦᠨ ᠬᠥᠲᠦᠯᠪᠦᠷᠢ ᠶᠢ ᠦᠶ᠎ᠡ ᠱᠠᠲᠤ ᠲᠠᠢ ᠬᠡᠷᠡᠭᠵᠢᠭᠦᠯᠵᠦ᠂ ᠵᠣᠬᠢᠬᠤ ᠪᠡᠯᠡᠳᠬᠡᠯ ᠬᠠᠩᠭᠠᠭᠰᠠᠨ ᠤ ᠦᠨᠳᠦᠰᠦᠨ ᠳᠡᠭᠡᠷ᠎ᠡ ᠲᠥᠷᠦ ᠶᠢᠨ ᠪᠣᠯᠤᠨ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ ᠠᠯᠪᠠᠨ ᠬᠡᠷᠡᠭ ᠢᠶᠡᠨ ᠺᠢᠷᠢᠯ ᠪᠣᠯᠤᠨ ᠦᠨᠳᠦᠰᠦᠨ ᠦ ᠬᠣᠣᠰ ᠪᠢᠴᠢᠭ ᠢᠶᠡᠷ ᠬᠥᠲᠥᠯᠦᠨ ᠶᠠᠪᠤᠭᠤᠯᠤᠨ᠎ᠠ᠃
7.3. ᠥᠮᠴᠢ ᠶᠢᠨ ᠪᠦᠬᠦ ᠬᠡᠯᠪᠡᠷᠢ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠰᠤᠷᠤᠯᠴᠠᠭᠴᠢᠳ ᠲᠤ ᠦᠨᠳᠦᠰᠦᠨ ᠦ ᠪᠢᠴᠢᠭ ᠢ ᠵᠢᠷᠭᠤᠭᠠᠳᠤᠭᠠᠷ ᠠᠩᠭᠢ ᠠᠴᠠ ᠡᠬᠢᠯᠡᠨ ᠲᠡᠭᠦᠰᠲᠡᠯ᠎ᠡ ᠲᠤᠰᠬᠠᠶᠢᠯᠠᠭᠰᠠᠨ ᠬᠥᠲᠦᠯᠪᠦᠷᠢ ᠪᠡᠷ ᠵᠢᠭᠠᠨ᠎ᠠ᠃
7.4. ᠶᠡᠬᠡ᠂ ᠳᠡᠭᠡᠳᠦ ᠰᠤᠷᠭᠠᠭᠤᠯᠢ ᠳᠤ ᠡᠯᠰᠡᠭᠴᠢᠳ ᠡᠴᠡ ᠠᠪᠬᠤ ᠡᠯᠰᠡᠯᠲᠡ ᠶᠢᠨ ᠶᠡᠷᠦᠩᠬᠡᠢ ᠰᠢᠯᠭᠠᠯᠲᠠ ᠪᠣᠯᠤᠨ ᠲᠥᠷᠦ ᠶᠢᠨ ᠠᠯᠪᠠᠨ ᠳᠤ ᠠᠩᠬ᠎ᠠ ᠣᠷᠣᠬᠤ ᠢᠷᠭᠡᠨ ᠡᠴᠡ ᠠᠪᠬᠤ ᠮᠣᠩᠭᠣᠯ ᠬᠡᠯᠡᠨ ᠦ ᠰᠢᠯᠭᠠᠯᠲᠠ ᠶᠢᠨ ᠠᠭᠤᠯᠭ᠎ᠠ ᠶᠢᠨ ᠳᠥᠷᠪᠡᠨ ᠦ ᠨᠢᠭᠡ ᠡᠴᠡ ᠳᠣᠭᠣᠭᠰᠢ ᠦᠭᠡᠢ ᠬᠤᠪᠢ ᠨᠢ ᠦᠨᠳᠦᠰᠦᠨ ᠦ ᠪᠢᠴᠢᠭ ᠦᠨ ᠮᠡᠳᠡᠯᠭᠡ ᠶᠢ ᠦᠨᠡᠯᠡᠬᠦ ᠳᠦ ᠴᠢᠭᠯᠡᠨ᠎ᠡ᠃
7.5. ᠮᠣᠩᠭᠣᠯ ᠤᠯᠤᠰ ᠤᠨ ᠶᠡᠷᠦᠩᠬᠡᠶᠢᠯᠡᠭᠴᠢ᠂ ᠤᠯᠤᠰ ᠤᠨ ᠶᠡᠬᠡ ᠬᠤᠷᠠᠯ ᠤᠨ ᠳᠠᠷᠤᠭ᠎ᠠ᠂ ᠶᠡᠷᠦᠩᠬᠡᠢ ᠰᠠᠶᠢᠳ ᠠᠴᠠ ᠭᠠᠳᠠᠭᠠᠳᠤ ᠤᠯᠤᠰ ᠤᠨ ᠠᠳᠠᠯᠢ ᠲᠥᠪᠰᠢᠨ ᠦ ᠠᠯᠪᠠᠨ ᠲᠤᠰᠢᠶᠠᠯᠲᠠᠨ ᠳᠤ ᠢᠯᠡᠭᠡᠬᠦ ᠠᠯᠪᠠᠨ ᠪᠢᠴᠢᠭ᠂ ᠵᠠᠬᠢᠳᠠᠯ ᠢ ᠦᠨᠳᠦᠰᠦᠨ ᠦ ᠪᠢᠴᠢᠭ ᠢᠶᠡᠷ ᠦᠢᠯᠡᠳᠴᠦ ᠭᠠᠳᠠᠭᠠᠳᠤ ᠬᠡᠯᠡᠭᠡᠷᠬᠡ ᠣᠷᠴᠢᠭᠤᠯᠭ᠎ᠠ ᠶᠢ ᠬᠠᠪᠰᠠᠷᠭᠠᠨᠠ᠃
ᠳᠥᠷᠪᠡᠳᠦᠭᠡᠷ ᠪᠦᠯᠦᠭ
ᠮᠣᠩᠭᠣᠯ ᠬᠡᠯᠡᠨ ᠦ ᠵᠥᠪ ᠪᠢᠴᠢᠬᠦ ᠳᠦᠷᠢᠮ᠂ ᠲᠣᠯᠢ ᠪᠢᠴᠢᠭ
8 ᠳ᠋ᠤᠭᠠᠷ ᠵᠦᠢᠯ.ᠮᠣᠩᠭᠣᠯ ᠬᠡᠯᠡᠨ ᠦ ᠵᠥᠪ ᠪᠢᠴᠢᠬᠦ ᠳᠦᠷᠢᠮ᠂ ᠲᠣᠯᠢ ᠪᠢᠴᠢᠭ
8.1.ᠮᠣᠩᠭᠣᠯ ᠤᠯᠤᠰ ᠤᠨ ᠬᠡᠮᠵᠢᠶᠡᠨ ᠳᠦ ᠺᠢᠷᠢᠯ ᠪᠣᠯᠤᠨ ᠦᠨᠳᠦᠰᠦᠨ ᠦ ᠪᠢᠴᠢᠭ ᠦᠨ ᠵᠥᠪ ᠪᠢᠴᠢᠬᠦ ᠲᠤᠰ ᠲᠤᠰ ᠤᠨ ᠨᠢᠭᠡᠳᠦᠮᠡᠯ ᠳᠦᠷᠢᠮ ᠲᠡᠢ ᠪᠠᠶᠢᠬᠤ ᠪᠥᠭᠡᠳ ᠢᠷᠭᠡᠨ᠂ ᠬᠠᠤᠯᠢ ᠶᠢᠨ ᠡᠲᠡᠭᠡᠳ ᠤᠭ ᠳᠦᠷᠢᠮ ᠢ ᠳᠠᠭᠠᠵᠤ ᠮᠥᠷᠳᠡᠨ᠎ᠡ᠃
8.2.ᠺᠢᠷᠢᠯ ᠪᠣᠯᠤᠨ ᠦᠨᠳᠦᠰᠦᠨ ᠦ ᠪᠢᠴᠢᠭ ᠦᠨ ᠵᠥᠪ ᠪᠢᠴᠢᠬᠦ ᠳᠦᠷᠢᠮ᠂ ᠲᠡᠭᠦᠨ ᠦ ᠥᠭᠡᠷᠡᠴᠢᠯᠡᠯᠲᠡ ᠶᠢ ᠡᠨᠡ ᠬᠠᠤᠯᠢ ᠶᠢᠨ 22.1 ᠍ ᠲᠤ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠬᠠᠷᠢᠭᠤᠴᠠᠨ ᠪᠣᠯᠪᠠᠰᠤᠷᠠᠭᠤᠯᠵᠤ᠂ 21.1 ᠍ ᠲᠤ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠪᠠᠲᠤᠯᠠᠭᠰᠠᠨ ᠢᠶᠠᠷ ᠬᠦᠴᠦᠨ ᠲᠡᠭᠦᠯᠳᠡᠷ ᠪᠣᠯᠤᠨ᠎ᠠ᠃
8.3.ᠺᠢᠷᠢᠯ ᠪᠣᠯᠤᠨ ᠦᠨᠳᠦᠰᠦᠨ ᠦ ᠪᠢᠴᠢᠭ ᠦᠨ ᠵᠥᠪ ᠪᠢᠴᠢᠬᠦ ᠳᠦᠷᠢᠮ ᠢ ᠪᠠᠷᠢᠮᠲᠠᠯᠠᠨ ᠵᠣᠬᠢᠶᠠᠭᠰᠠᠨ ᠲᠣᠯᠢ ᠪᠢᠴᠢᠭ ᠢ ᠡᠨᠡ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠬᠢᠨᠠᠵᠤ᠂ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠬᠡᠯᠡᠯᠴᠡᠨ ᠪᠠᠲᠤᠯᠠᠨ᠎ᠠ᠃
ᠲᠠᠪᠤᠳᠤᠭᠠᠷ ᠪᠦᠯᠦᠭ
ᠲᠥᠷᠥ ᠶᠢᠨ ᠪᠣᠯᠤᠨ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ᠂
ᠬᠠᠤᠯᠢ ᠶᠢᠨ ᠡᠲᠡᠭᠡᠳ ᠦᠨ ᠡᠭᠦᠷᠭᠡ
9 ᠳᠦᠭᠡᠷ ᠵᠦᠢᠯ.ᠮᠣᠩᠭᠣᠯ ᠤᠯᠤᠰ ᠤᠨ ᠶᠡᠷᠦᠩᠬᠡᠶᠢᠯᠡᠭᠴᠢ
9.1.ᠮᠣᠩᠭᠣᠯ ᠤᠯᠤᠰ ᠤᠨ ᠶᠡᠷᠦᠩᠬᠡᠶᠢᠯᠡᠭᠴᠢ ᠮᠣᠩᠭᠣᠯ ᠬᠡᠯᠡ᠂ ᠪᠢᠴᠢᠭ ᠦᠰᠦᠭ ᠢᠶᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠠᠯ᠎ᠠ ᠪᠠᠷ ᠳᠠᠷᠠᠭᠠᠬᠢ ᠡᠭᠦᠷᠭᠡ ᠬᠦᠯᠢᠶᠡᠨ᠎ᠡ᠄
9.1.1.ᠮᠣᠩᠭᠣᠯ ᠬᠡᠯᠡ᠂ ᠪᠢᠴᠢᠭ ᠦᠰᠦᠭ ᠢᠶᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠡᠢ ᠬᠣᠯᠪᠣᠭ᠎ᠠ ᠲᠠᠢ ᠲᠥᠷᠥ ᠶᠢᠨ ᠪᠣᠳᠣᠯᠭ᠎ᠠ ᠶᠢᠨ ᠲᠠᠯᠠᠭᠠᠷᠬᠢ ᠰᠠᠨᠠᠯ ᠢ ᠤᠯᠤᠰ ᠤᠨ ᠶᠡᠬᠡ ᠬᠤᠷᠠᠯ ᠳᠤ ᠡᠷᠭᠦᠨ ᠮᠡᠳᠡᠭᠦᠯᠬᠦ;
9.1.2.ᠮᠣᠩᠭᠣᠯ ᠬᠡᠯᠡ᠂ ᠪᠢᠴᠢᠭ ᠦᠰᠦᠭ ᠢᠶᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠴᠢᠭᠯᠡᠯ ᠢᠶᠡᠷ ᠬᠡᠷᠡᠭᠵᠢᠭᠦᠯᠵᠦ ᠪᠠᠶᠢᠭ᠎ᠠ ᠠᠵᠢᠯ᠂ ᠠᠩᠬ᠎ᠠ ᠪᠠᠷ ᠬᠢ ᠠᠰᠠᠭᠤᠳᠠᠯ ᠤᠨ ᠲᠠᠯ᠎ᠠ ᠪᠠᠷ ᠬᠣᠶᠠᠷ ᠵᠢᠯ ᠲᠤᠲᠤᠮ ᠤᠯᠤᠰ ᠤᠨ ᠶᠡᠬᠡ ᠬᠤᠷᠠᠯ ᠳᠤ ᠮᠡᠳᠡᠭᠡᠯᠡᠯ ᠬᠢᠬᠦ;
9.1.3.ᠮᠣᠩᠭᠣᠯ ᠬᠡᠯᠡ᠂ ᠪᠢᠴᠢᠭ ᠦᠰᠦᠭ ᠢᠶᠡᠨ ᠬᠡᠷᠡᠭᠯᠡᠬᠦ᠂ ᠡᠵᠡᠮᠰᠢᠬᠦ᠂ ᠬᠠᠮᠠᠭᠠᠯᠠᠬᠤ᠂ ᠬᠥᠭᠵᠢᠭᠦᠯᠬᠦ ᠴᠢᠭᠯᠡᠯ ᠢᠶᠡᠷ ᠵᠠᠷᠯᠢᠭ ᠭᠠᠷᠭᠠᠬᠤ᠂ ᠲᠥᠷᠥ ᠶᠢᠨ ᠬᠣᠯᠪᠣᠭᠳᠠᠬᠤ ᠪᠠᠶᠢᠭᠤᠯᠤᠯᠭ᠎ᠠ ᠳᠤ ᠴᠢᠭᠯᠡᠯ ᠥᠭᠬᠦ;
9.1.4.ᠡᠨᠡ ᠬᠠᠤᠯᠢ ᠶᠢᠨ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠶᠢᠨ ᠪᠦᠷᠢᠯᠳᠦᠬᠦᠨ ᠢ ᠲᠣᠮᠢᠯᠠᠵᠤ᠂ ᠴᠢᠯᠦᠭᠡᠯᠡᠬᠦ;
9.1.5.ᠮᠣᠩᠭᠣᠯ ᠬᠡᠯᠡ᠂ ᠪᠢᠴᠢᠭ ᠦᠰᠦᠭ ᠢᠶᠡᠨ ᠬᠠᠮᠠᠭᠠᠯᠠᠬᠤ᠂ ᠬᠥᠭᠵᠢᠭᠦᠯᠬᠦ ᠲᠠᠯ᠎ᠠ ᠪᠠᠷ ᠢᠳᠡᠪᠬᠢ ᠰᠠᠨᠠᠭᠠᠴᠢᠯᠠᠭ᠎ᠠ ᠭᠠᠷᠭᠠᠭᠰᠠᠨ ᠢᠷᠭᠡᠨ᠂ ᠬᠠᠤᠯᠢ ᠶᠢᠨ ᠡᠲᠡᠭᠡᠳ ᠲᠦ ᠳᠥᠷᠪᠡᠨ ᠵᠢᠯ ᠲᠤᠲᠤᠮ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠨᠡᠷᠡᠮᠵᠢᠲᠦ ᠱᠠᠩᠨᠠᠯ ᠣᠯᠭᠣᠬᠤ;
9.1.6.ᠬᠠᠤᠯᠢ ᠳᠤ ᠵᠢᠭᠠᠭᠰᠠᠨ ᠪᠤᠰᠤᠳ ᠡᠭᠦᠷᠭᠡ᠃
10 ᠳ᠋ᠤᠭᠠᠷ ᠵᠦᠢᠯ.ᠮᠣᠩᠭᠣᠯ ᠤᠯᠤᠰ ᠤᠨ ᠶᠡᠬᠡ ᠬᠤᠷᠠᠯ
10.1.ᠮᠣᠩᠭᠣᠯ ᠤᠯᠤᠰ ᠤᠨ ᠶᠡᠬᠡ ᠬᠤᠷᠠᠯ ᠮᠣᠩᠭᠣᠯ ᠬᠡᠯᠡ᠂ ᠪᠢᠴᠢᠭ ᠦᠰᠦᠭ ᠢᠶᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠠᠯ᠎ᠠ ᠪᠠᠷ ᠳᠠᠷᠠᠭᠠᠬᠢ ᠡᠭᠦᠷᠭᠡ ᠬᠦᠯᠢᠶᠡᠨ᠎ᠡ᠄
10.1.1.ᠮᠣᠩᠭᠣᠯ ᠬᠡᠯᠡ᠂ ᠪᠢᠴᠢᠭ ᠦᠰᠦᠭ ᠢᠶᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠠᠯ᠎ᠠ ᠪᠠᠷ ᠲᠥᠷᠥ ᠡᠴᠡ ᠪᠠᠷᠢᠮᠲᠠᠯᠠᠬᠤ ᠪᠣᠳᠣᠯᠭ᠎ᠠ ᠶᠢ ᠲᠣᠳᠣᠷᠬᠠᠶᠢᠯᠠᠬᠤ;
10.1.2.ᠮᠣᠩᠭᠣᠯ ᠬᠡᠯᠡ᠂ ᠪᠢᠴᠢᠭ ᠦᠰᠦᠭ ᠢ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠤᠯᠤᠰ ᠲᠥᠷᠥ᠂ ᠡᠳ᠋ ᠍ ᠦᠨ ᠵᠠᠰᠠᠭ ᠤᠨ ᠪᠠᠲᠤᠯᠠᠭ᠎ᠠ ᠶᠢ ᠪᠦᠷᠢᠳᠦᠭᠦᠯᠬᠦ;
10.1.3.ᠮᠣᠩᠭᠣᠯ ᠬᠡᠯᠡ᠂ ᠪᠢᠴᠢᠭ ᠦᠰᠦᠭ ᠢ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠡᠢ ᠬᠣᠯᠪᠣᠭᠳᠠᠭᠰᠠᠨ ᠬᠠᠤᠯᠢ ᠲᠣᠭᠲᠠᠭᠠᠮᠵᠢ ᠶᠢᠨ ᠬᠡᠷᠡᠭᠵᠢᠯᠲᠡ ᠳᠦ ᠬᠢᠨᠠᠯᠲᠠ ᠲᠠᠯᠪᠢᠬᠤ;
10.1.4.ᠬᠠᠤᠯᠢ ᠳᠤ ᠵᠢᠭᠠᠭᠰᠠᠨ ᠪᠤᠰᠤᠳ ᠡᠭᠦᠷᠭᠡ᠃
11 ᠳ᠋ᠦᠭ ᠢᠶᠡᠷ ᠵᠦᠢᠯ.ᠮᠣᠩᠭᠣᠯ ᠤᠯᠤᠰ ᠤᠨ ᠵᠠᠰᠠᠭ ᠤᠨ ᠭᠠᠵᠠᠷ
11.1.ᠮᠣᠩᠭᠣᠯ ᠤᠯᠤᠰ ᠤᠨ ᠵᠠᠰᠠᠭ ᠤᠨ ᠭᠠᠵᠠᠷ ᠮᠣᠩᠭᠣᠯ ᠬᠡᠯᠡ᠂ ᠪᠢᠴᠢᠭ ᠦᠰᠦᠭ ᠢᠶᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠠᠯ᠎ᠠ ᠪᠠᠷ ᠳᠠᠷᠠᠭᠠᠬᠢ ᠡᠭᠦᠷᠭᠡ ᠬᠦᠯᠢᠶᠡᠨ᠎ᠡ᠄
11.1.1.ᠮᠣᠩᠭᠣᠯ ᠬᠡᠯᠡᠨ ᠦ ᠲᠠᠯᠠᠭᠠᠷᠬᠢ ᠲᠥᠷᠥ ᠶᠢᠨ ᠪᠣᠳᠣᠯᠭ᠎ᠠ᠂ ᠬᠠᠤᠯᠢ ᠲᠣᠭᠲᠠᠭᠠᠮᠵᠢ ᠶᠢᠨ ᠬᠡᠷᠡᠭᠵᠢᠯᠲᠡ ᠶᠢ ᠵᠣᠬᠢᠶᠠᠨ ᠪᠠᠶᠢᠭᠤᠯᠵᠤ᠂ ᠬᠠᠩᠭᠠᠬᠤ;
11.1.2.ᠮᠣᠩᠭᠣᠯ ᠬᠡᠯᠡ᠂ ᠪᠢᠴᠢᠭ ᠦᠰᠦᠭ ᠦᠨ ᠬᠡᠷᠡᠭᠯᠡᠭᠡ ᠶᠢ ᠨᠡᠮᠡᠭᠳᠡᠭᠦᠯᠬᠦ᠂ ᠬᠠᠮᠠᠭᠠᠯᠠᠬᠤ᠂ ᠬᠥᠭᠵᠢᠭᠦᠯᠬᠦ᠂ ᠦᠨᠳᠦᠰᠦᠨ ᠦ ᠪᠢᠴᠢᠭ ᠦᠨ ᠬᠡᠷᠡᠭᠯᠡᠭᠡᠨ ᠳᠦ ᠠᠯᠪᠠᠨ ᠶᠣᠰᠣᠭᠠᠷ ᠰᠢᠯᠵᠢᠬᠦ ᠳᠤᠮᠳᠠ ᠪᠣᠯᠤᠨ ᠤᠷᠲᠤ ᠬᠤᠭᠤᠴᠠᠭᠠᠨ ᠤ ᠦᠨᠳᠦᠰᠦᠨ ᠦ ᠬᠥᠲᠥᠯᠪᠦᠷᠢ᠂ ᠳᠦᠷᠢᠮ᠂ ᠵᠢᠷᠤᠮ᠂ ᠦᠨᠳᠦᠰᠦᠨ ᠴᠢᠭᠯᠡᠯ ᠪᠣᠯᠪᠠᠰᠤᠷᠠᠭᠤᠯᠵᠤ ᠬᠡᠷᠡᠭᠵᠢᠭᠦᠯᠬᠦ;
11.1.3.ᠭᠠᠳᠠᠭᠠᠳᠤ ᠤᠯᠤᠰ ᠲᠤ ᠣᠷᠣᠰᠢᠨ ᠰᠠᠭᠤᠭ᠎ᠠ ᠮᠣᠩᠭᠣᠯ ᠤᠯᠤᠰ ᠤᠨ ᠢᠷᠭᠡᠨ᠂ ᠲᠡᠭᠦᠨ ᠦ ᠭᠡᠷ ᠪᠦᠯᠢ ᠳᠦ ᠮᠣᠩᠭᠣᠯ ᠬᠡᠯᠡ᠂ ᠪᠢᠴᠢᠭ ᠦᠰᠦᠭ᠂ ᠤᠯᠠᠮᠵᠢᠯᠠᠯᠲᠤ ᠵᠠᠩ ᠵᠠᠩᠰᠢᠯ᠂ ᠲᠡᠦᠬᠡ ᠰᠤᠶᠤᠯ ᠤᠨ ᠮᠡᠳᠡᠯᠭᠡ ᠡᠵᠡᠮᠰᠢᠬᠦ ᠳᠦ ᠨᠢ ᠳᠡᠮᠵᠢᠯᠭᠡ ᠦᠵᠡᠭᠦᠯᠬᠦ ᠠᠵᠢᠯ ᠢ ᠵᠣᠬᠢᠶᠠᠨ ᠪᠠᠶᠢᠭᠤᠯᠬᠤ;
11.1.4.ᠲᠥᠷᠥ ᠶᠢᠨ ᠵᠠᠬᠢᠷᠭᠠᠨ ᠤ ᠪᠦᠬᠦ ᠱᠠᠲᠤᠨ ᠤ ᠪᠠᠶᠢᠭᠤᠯᠤᠯᠭ᠎ᠠ ᠶᠢᠨ ᠲᠥᠷᠥ ᠶᠢᠨ ᠠᠯᠪᠠᠨ ᠬᠡᠷᠡᠭ ᠲᠦ ᠺᠢᠷᠢᠯ ᠪᠣᠯᠤᠨ ᠦᠨᠳᠦᠰᠦᠨ ᠦ ᠪᠢᠴᠢᠭ ᠦᠨ ᠬᠡᠯᠡᠨ ᠦ ᠬᠡᠮ ᠬᠡᠮᠵᠢᠶ᠎ᠡ ᠶᠢ ᠮᠥᠷᠳᠡᠭᠦᠯᠵᠦ ᠬᠡᠪᠰᠢᠭᠦᠯᠬᠦ ᠠᠵᠢᠯ ᠢ ᠵᠣᠬᠢᠶᠠᠨ ᠪᠠᠶᠢᠭᠤᠯᠬᠤ;
11.1.5.ᠬᠠᠤᠯᠢ ᠳᠤ ᠵᠢᠭᠠᠭᠰᠠᠨ ᠪᠤᠰᠤᠳ ᠡᠭᠦᠷᠭᠡ᠃
12 ᠳ᠋ᠤᠭᠠᠷ ᠵᠦᠢᠯ.ᠲᠥᠷᠥ ᠶᠢᠨ ᠠᠯᠪᠠᠨ ᠤ ᠲᠥᠪ ᠪᠠᠶᠢᠭᠤᠯᠤᠯᠭ᠎ᠠ
12.1.ᠲᠥᠷᠥ ᠶᠢᠨ ᠠᠯᠪᠠᠨ ᠤ ᠲᠥᠪ ᠪᠠᠶᠢᠭᠤᠯᠤᠯᠭ᠎ᠠ ᠳᠠᠷᠠᠭᠠᠬᠢ ᠡᠭᠦᠷᠭᠡ ᠬᠦᠯᠢᠶᠡᠨ᠎ᠡ᠄
12.1.1.ᠲᠥᠷᠥ ᠶᠢᠨ ᠠᠯᠪᠠᠨ ᠳᠤ ᠠᠩᠬ᠎ᠠ ᠤᠷᠤᠬᠤ ᠢᠷᠭᠡᠨ ᠡᠴᠡ ᠠᠪᠬᠤ ᠮᠣᠩᠭᠣᠯ ᠬᠡᠯᠡᠨ ᠦ ᠰᠢᠯᠭᠠᠯᠲᠠ ᠶᠢ ᠡᠨᠡ ᠬᠠᠤᠯᠢ ᠶᠢᠨ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠠᠴᠠ ᠪᠠᠲᠤᠯᠠᠭᠰᠠᠨ ᠠᠭᠤᠯᠭ᠎ᠠ ᠶᠢᠨ ᠳᠠᠭᠠᠤ ᠵᠣᠬᠢᠶᠠᠨ ᠪᠠᠶᠢᠭᠤᠯᠵᠤ᠂ ᠬᠣᠯᠪᠣᠭᠳᠠᠬᠤ ᠮᠡᠳᠡᠭᠡᠯᠡᠯ ᠦᠨ ᠰᠠᠩ ᠪᠦᠷᠢᠳᠦᠭᠦᠯᠬᠦ;
12.1.2.ᠬᠠᠤᠯᠢ ᠳᠤ ᠵᠢᠭᠠᠭᠰᠠᠨ ᠪᠤᠰᠤᠳ ᠡᠭᠦᠷᠭᠡ᠃
13 ᠳ᠋ᠤᠭᠠᠷ ᠵᠦᠢᠯ.ᠪᠣᠯᠪᠠᠰᠤᠷᠠᠯ᠂ ᠰᠢᠨᠵᠢᠯᠡᠬᠦ ᠤᠬᠠᠭᠠᠨ ᠤ ᠠᠰᠠᠭᠤᠳᠠᠯ ᠡᠷᠬᠢᠯᠡᠭᠰᠡᠨ ᠲᠥᠷᠥ ᠶᠢᠨ ᠵᠠᠬᠢᠷᠭᠠᠨ ᠤ ᠲᠥᠪ ᠪᠠᠶᠢᠭᠤᠯᠤᠯᠭ᠎ᠠ
13.1.ᠪᠣᠯᠪᠠᠰᠤᠷᠠᠯ᠂ ᠰᠢᠨᠵᠢᠯᠡᠬᠦ ᠤᠬᠠᠭᠠᠨ ᠤ ᠠᠰᠠᠭᠤᠳᠠᠯ ᠡᠷᠬᠢᠯᠡᠭᠰᠡᠨ ᠲᠥᠷᠥ ᠶᠢᠨ ᠵᠠᠬᠢᠷᠭᠠᠨ ᠤ ᠲᠥᠪ ᠪᠠᠶᠢᠭᠤᠯᠤᠯᠭ᠎ᠠ ᠳᠠᠷᠠᠭᠠᠬᠢ ᠡᠭᠦᠷᠭᠡ ᠬᠦᠯᠢᠶᠡᠨ᠎ᠡ᠄
13.1.1.ᠪᠦᠬᠦ ᠱᠠᠲᠤᠨ ᠤ ᠪᠣᠯᠪᠠᠰᠤᠷᠠᠯ ᠤᠨ ᠰᠤᠷᠭᠠᠯᠲᠠ ᠶᠢᠨ ᠪᠠᠶᠢᠭᠤᠯᠤᠯᠭ᠎ᠠ ᠶᠢᠨ ᠮᠣᠩᠭᠣᠯ ᠬᠡᠯᠡ᠂ ᠦᠨᠳᠦᠰᠦᠨ ᠦ ᠪᠢᠴᠢᠭ᠂ ᠤᠷᠠᠨ ᠵᠣᠬᠢᠶᠠᠯ ᠤᠨ ᠬᠢᠴᠢᠶᠡᠯ ᠦᠨ ᠠᠭᠤᠯᠭ᠎ᠠ᠂ ᠬᠥᠲᠥᠯᠪᠦᠷᠢ᠂ ᠰᠤᠷᠭᠠᠯᠲᠠ ᠶᠢᠨ ᠲᠥᠯᠥᠪᠯᠡᠭᠡ ᠶᠢ ᠡᠨᠡ ᠬᠠᠤᠯᠢ ᠶᠢᠨ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠶᠢᠨ ᠰᠠᠨᠠᠯ ᠢ ᠲᠤᠰᠬᠠᠨ ᠪᠠᠲᠤᠯᠠᠬᠤ;
13.1.2.ᠶᠡᠬᠡ᠂ ᠳᠡᠭᠡᠳᠦ ᠰᠤᠷᠭᠠᠭᠤᠯᠢ ᠳᠤ ᠡᠯᠰᠡᠭᠴᠢᠳ ᠡᠴᠡ ᠠᠪᠬᠤ ᠡᠯᠰᠡᠯᠲᠡ ᠶᠢᠨ ᠶᠡᠷᠦᠩᠬᠡᠢ ᠰᠢᠯᠭᠠᠯᠲᠠ ᠶᠢᠨ ᠮᠣᠩᠭᠣᠯ ᠬᠡᠯᠡᠨ ᠦ ᠰᠢᠯᠭᠠᠯᠲᠠ ᠶᠢᠨ ᠠᠭᠤᠯᠭ᠎ᠠ ᠶᠢ ᠡᠨᠡ ᠬᠠᠤᠯᠢ ᠶᠢᠨ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠶᠢᠨ ᠰᠠᠨᠠᠯ ᠢ ᠲᠤᠰᠬᠠᠨ ᠪᠠᠲᠤᠯᠠᠬᠤ;
13.1.3.ᠰᠤᠷᠭᠠᠨ ᠬᠦᠮᠦᠵᠢᠭᠦᠯᠬᠦ ᠤᠬᠠᠭᠠᠨ᠂ ᠬᠡᠯᠡ ᠰᠢᠨᠵᠢᠯᠡᠯ᠂ ᠤᠷᠠᠨ ᠵᠣᠬᠢᠶᠠᠯ᠂ ᠰᠡᠳᠬᠦᠯ ᠵᠦᠢ ᠶᠢᠨ ᠴᠢᠭᠯᠡᠯ ᠢᠶᠡᠷ ᠶᠡᠬᠡ᠂ ᠳᠡᠭᠡᠳᠦ ᠰᠤᠷᠭᠠᠭᠤᠯᠢ ᠳᠤ ᠡᠯᠰᠡᠭᠴᠢᠳ ᠡᠴᠡ ᠠᠪᠬᠤ ᠮᠣᠩᠭᠣᠯ ᠬᠡᠯᠡ᠂ ᠪᠢᠴᠢᠭ ᠦᠨ ᠰᠢᠯᠭᠠᠯᠲᠠ ᠶᠢᠨ ᠲᠤᠰᠬᠠᠶᠢᠯᠠᠭᠰᠠᠨ ᠵᠢᠷᠤᠮ ᠪᠣᠯᠪᠠᠰᠤᠷᠠᠭᠤᠯᠬᠤ;
13.1.4.ᠰᠤᠷᠤᠯᠴᠠᠭᠴᠢᠳ ᠤᠨ ᠳᠡᠶᠢᠯᠦᠩᠬᠢ ᠣᠯᠠᠩᠬᠢ ᠬᠦᠮᠦᠨ ᠠᠮᠠ ᠶᠢᠨ ᠥᠭᠡᠷ᠎ᠡ ᠬᠡᠯᠡ ᠪᠦᠬᠦᠢ ᠦᠨᠳᠦᠰᠦᠲᠡᠨ ᠦ ᠴᠥᠭᠡᠩᠬᠢ ᠪᠠᠶᠢᠪᠠᠯ ᠰᠤᠷᠭᠠᠯᠲᠠ ᠶᠢ ᠬᠣᠣᠰ ᠬᠡᠯᠡᠨ ᠦ ᠬᠥᠲᠥᠯᠪᠦᠷᠢ ᠪᠡᠷ ᠶᠠᠪᠤᠭᠤᠯᠬᠤ ᠪᠥᠭᠡᠳ ᠬᠣᠣᠰ ᠬᠡᠯᠡᠨ ᠦ ᠬᠥᠲᠥᠯᠪᠦᠷᠢ ᠶᠢᠨ ᠠᠭᠤᠯᠭ᠎ᠠ ᠶᠢ ᠪᠠᠲᠤᠯᠠᠬᠤ;
13.1.5.ᠦᠨᠳᠦᠰᠦᠲᠡᠨ ᠦ ᠴᠥᠭᠡᠩᠬᠢ ᠮᠣᠩᠭᠣᠯ ᠬᠡᠯᠡ ᠪᠣᠯᠤᠨ ᠡᠬᠡ ᠬᠡᠯᠡ ᠳᠡᠭᠡᠷ᠎ᠡ ᠪᠣᠯᠪᠠᠰᠤᠷᠠᠯ ᠡᠵᠡᠮᠰᠢᠬᠦ᠂ ᠰᠤᠶᠤᠯ᠂ ᠵᠠᠩ ᠵᠠᠩᠰᠢᠯ ᠢᠶᠠᠨ ᠥᠪᠯᠡᠬᠦ᠂ ᠰᠢᠨᠵᠢᠯᠡᠬᠦ ᠤᠬᠠᠭᠠᠨ ᠤ ᠦᠢᠯᠡ ᠠᠵᠢᠯᠯᠠᠭ᠎ᠠ ᠶᠠᠪᠤᠭᠤᠯᠬᠤ ᠨᠥᠬᠥᠴᠡᠯ ᠢ ᠪᠦᠷᠢᠳᠦᠭᠦᠯᠬᠦ ᠠᠵᠢᠯ ᠢ ᠵᠣᠬᠢᠶᠠᠨ ᠪᠠᠶᠢᠭᠤᠯᠬᠤ;
13.1.6.ᠬᠠᠤᠯᠢ ᠳᠤ ᠵᠢᠭᠠᠭᠰᠠᠨ ᠪᠤᠰᠤᠳ ᠡᠭᠦᠷᠭᠡ᠃
14 ᠳᠦᠭᠡᠷ ᠵᠦᠢᠯ.ᠰᠤᠶᠤᠯ ᠤᠨ ᠠᠰᠠᠭᠤᠳᠠᠯ ᠡᠷᠬᠢᠯᠡᠭᠰᠡᠨ ᠲᠥᠷᠥ ᠶᠢᠨ ᠵᠠᠬᠢᠷᠭᠠᠨ ᠤ ᠲᠥᠪ ᠪᠠᠶᠢᠭᠤᠯᠤᠯᠭ᠎ᠠ
14.1.ᠰᠤᠶᠤᠯ ᠤᠨ ᠠᠰᠠᠭᠤᠳᠠᠯ ᠡᠷᠬᠢᠯᠡᠭᠰᠡᠨ ᠲᠥᠷᠥ ᠶᠢᠨ ᠵᠠᠬᠢᠷᠭᠠᠨ ᠤ ᠲᠥᠪ ᠪᠠᠶᠢᠭᠤᠯᠤᠯᠭ᠎ᠠ ᠳᠠᠷᠠᠭᠠᠬᠢ ᠡᠭᠦᠷᠭᠡ ᠬᠦᠯᠢᠶᠡᠨ᠎ᠡ᠄
14.1.1.ᠮᠣᠩᠭᠣᠯ ᠬᠡᠯᠡ᠂ ᠪᠢᠴᠢᠭ ᠦᠨ ᠰᠤᠶᠤᠯ ᠤᠨ ᠥᠪ ᠢ ᠬᠠᠮᠠᠭᠠᠯᠠᠬᠤ᠂ ᠦᠨᠳᠦᠰᠦᠨ ᠦ ᠮᠣᠩᠭᠣᠯ ᠪᠢᠴᠢᠭ ᠢᠶᠡᠷᠬᠡ ᠣᠶᠤᠨ ᠤ ᠥᠪ ᠰᠠᠩ᠂ ᠠᠷᠠᠳ ᠤᠨ ᠠᠮᠠᠨ ᠵᠣᠬᠢᠶᠠᠯ ᠪᠣᠯᠤᠨ ᠮᠣᠩᠭᠣᠯ ᠤᠳᠬ᠎ᠠ ᠵᠣᠬᠢᠶᠠᠯ ᠤᠨ ᠰᠤᠳᠤᠯᠭ᠎ᠠ᠂ ᠰᠤᠷᠭᠠᠯᠲᠠ ᠶᠢ ᠥᠷᠭᠡᠵᠢᠭᠦᠯᠬᠦ ᠠᠵᠢᠯ ᠢ ᠪᠣᠯᠪᠠᠰᠤᠷᠠᠯ ᠤᠨ ᠪᠠᠶᠢᠭᠤᠯᠤᠯᠭ᠎ᠠ ᠲᠠᠢ ᠬᠠᠮᠲᠤᠷᠠᠨ ᠬᠡᠷᠡᠭᠵᠢᠭᠦᠯᠬᠦ;
14.1.2.ᠬᠠᠤᠯᠢ ᠳᠤ ᠵᠢᠭᠠᠭᠰᠠᠨ ᠪᠤᠰᠤᠳ ᠡᠭᠦᠷᠭᠡ᠃
15 ᠳ᠋ᠤᠭᠠᠷ ᠵᠦᠢᠯ.ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠤ ᠠᠰᠠᠭᠤᠳᠠᠯ ᠡᠷᠬᠢᠯᠡᠭᠰᠡᠨ ᠲᠥᠷᠥ ᠶᠢᠨ ᠵᠠᠬᠢᠷᠭᠠᠨ ᠤ ᠪᠠᠶᠢᠭᠤᠯᠤᠯᠭ᠎ᠠ
15.1.ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠤ ᠠᠰᠠᠭᠤᠳᠠᠯ ᠡᠷᠬᠢᠯᠡᠭᠰᠡᠨ ᠲᠥᠷᠥ ᠶᠢᠨ ᠵᠠᠬᠢᠷᠭᠠᠨ ᠤ ᠪᠠᠶᠢᠭᠤᠯᠤᠯᠭ᠎ᠠ ᠳᠠᠷᠠᠭᠠᠬᠢ ᠡᠭᠦᠷᠭᠡ ᠬᠦᠯᠢᠶᠡᠨ᠎ᠡ᠄
15.1.1.ᠴᠠᠬᠢᠮ ᠤᠷᠴᠢᠨ ᠳᠤ ᠮᠣᠩᠭᠣᠯ ᠬᠡᠯᠡ᠂ ᠪᠢᠴᠢᠭ ᠦᠨ ᠬᠡᠷᠡᠭᠯᠡᠭᠡ ᠶᠢ ᠨᠡᠮᠡᠭᠳᠡᠭᠦᠯᠬᠦ;
15.1.2.ᠯᠠᠲ᠋ᠢᠨ ᠦᠰᠦᠭ ᠬᠡᠷᠡᠭᠯᠡᠬᠦ ᠵᠠᠭᠪᠤᠷᠴᠢᠯᠠᠭᠰᠠᠨ ᠳᠦᠷᠢᠮ᠂ ᠵᠢᠷᠤᠮ ᠢ ᠮᠥᠷᠳᠡᠭᠦᠯᠬᠦ ᠠᠵᠢᠯ ᠢ ᠡᠨᠡ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ᠂ ᠬᠣᠯᠪᠣᠭᠳᠠᠬᠤ ᠪᠤᠰᠤᠳ ᠪᠠᠶᠢᠭᠤᠯᠤᠯᠭ᠎ᠠ ᠲᠠᠢ ᠬᠠᠮᠲᠤᠷᠠᠨ ᠬᠡᠷᠡᠭᠵᠢᠭᠦᠯᠬᠦ;
15.1.3.ᠡᠨᠡ ᠬᠠᠤᠯᠢ ᠶᠢᠨ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠶᠢᠨ ᠪᠠᠲᠤᠯᠠᠭᠰᠠᠨ ᠺᠢᠷᠢᠯ ᠪᠣᠯᠤᠨ ᠦᠨᠳᠦᠰᠦᠨ ᠦ ᠪᠢᠴᠢᠭ ᠦᠨ ᠬᠣᠭᠣᠷᠣᠨᠳᠣ ᠬᠠᠷᠢᠯᠴᠠᠨ ᠬᠥᠷᠪᠡᠭᠦᠯᠦᠭ ᠬᠢᠬᠦ᠂ ᠵᠥᠪ ᠪᠢᠴᠢᠬᠦ ᠳᠦᠷᠢᠮ ᠦᠨ ᠠᠯᠳᠠᠭ᠎ᠠ ᠬᠢᠨᠠᠬᠤ ᠪᠣᠯᠤᠨ ᠪᠤᠰᠤᠳ ᠬᠣᠯᠪᠣᠭᠣᠳᠠᠬᠤ ᠫᠷᠣᠭᠷᠠᠮ ᠤᠨ ᠬᠡᠷᠡᠭᠯᠡᠭᠡ ᠶᠢ ᠨᠡᠮᠡᠭᠳᠡᠭᠦᠯᠬᠦ᠂ ᠴᠠᠬᠢᠮ ᠤᠷᠴᠢᠨ ᠳᠤ ᠨᠡᠪᠲᠡᠷᠡᠭᠦᠯᠬᠦ ᠠᠵᠢᠯ ᠢ ᠵᠣᠬᠢᠶᠠᠨ ᠪᠠᠶᠢᠭᠤᠯᠬᠤ;
15.1.4.ᠬᠠᠤᠯᠢ ᠳᠤ ᠵᠢᠭᠠᠭᠰᠠᠨ ᠪᠤᠰᠤᠳ ᠡᠭᠦᠷᠭᠡ᠃
16 ᠳ᠋ᠤᠭᠠᠷ ᠵᠦᠢᠯ.ᠶᠡᠷᠦᠩᠬᠡᠢ ᠪᠣᠯᠪᠠᠰᠤᠷᠠᠯ ᠤᠨ ᠰᠤᠷᠭᠠᠭᠤᠯᠢ
16.1.ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠳᠠᠷᠠᠭᠠᠬᠢ ᠡᠭᠦᠷᠭᠡ ᠬᠦᠯᠢᠶᠡᠨ᠎ᠡ᠄
16.1.1.ᠰᠤᠷᠤᠯᠴᠠᠭᠴᠢᠳ ᠲᠤ ᠮᠣᠩᠭᠣᠯ ᠬᠡᠯᠡ᠂ ᠦᠨᠳᠦᠰᠦᠨ ᠦ ᠪᠢᠴᠢᠭ᠂ ᠤᠷᠠᠨ ᠵᠣᠬᠢᠶᠠᠯ ᠤᠨ ᠬᠢᠴᠢᠶᠡᠯ ᠢ ᠡᠷᠬᠡ ᠪᠦᠬᠦᠢ ᠪᠠᠶᠢᠭᠤᠯᠤᠯᠭ᠎ᠠ ᠠᠴᠠ ᠪᠠᠲᠤᠯᠠᠭᠰᠠᠨ ᠬᠥᠲᠥᠯᠪᠦᠷᠢ᠂ ᠠᠭᠤᠯᠭ᠎ᠠ᠂ ᠰᠲ᠋ᠠᠨᠳᠠᠷᠲ ᠤᠨ ᠳᠠᠭᠠᠤ ᠲᠠᠰᠤᠯᠳᠠᠯ ᠦᠭᠡᠢ ᠶᠠᠪᠤᠭᠤᠯᠬᠤ;
16.1.2.ᠬᠠᠤᠯᠢ ᠳᠤ ᠵᠢᠭᠠᠭᠰᠠᠨ ᠪᠤᠰᠤᠳ ᠡᠭᠦᠷᠭᠡ᠃
16.2.ᠡᠨᠡ ᠬᠠᠤᠯᠢ ᠶᠢᠨ 16.1.1 ᠳ᠋ᠡᠬᠢ ᠵᠢᠭᠠᠯᠲᠠ ᠡᠷᠬᠡ ᠪᠦᠬᠦᠢ ᠪᠠᠶᠢᠭᠤᠯᠤᠯᠭ᠎ᠠ ᠶᠢᠨ ᠵᠥᠪᠰᠢᠶᠡᠷᠡᠯ ᠢᠶᠡᠷ ᠭᠠᠳᠠᠭᠠᠳᠤ ᠬᠡᠯᠡ ᠪᠡᠷ ᠰᠤᠷᠭᠠᠯᠲᠠ ᠶᠠᠪᠤᠭᠤᠯᠳᠠᠭ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠳᠤ ᠨᠢᠭᠡᠨ ᠠᠳᠠᠯᠢ ᠬᠠᠮᠢᠶᠠᠷᠤᠨ᠎ᠠ᠃
17 ᠳ᠋ᠤᠭᠠᠷ ᠵᠦᠢᠯ.ᠠᠶᠢᠮᠠᠭ᠂ ᠨᠡᠶᠢᠰᠯᠡᠯ᠂ ᠰᠤᠮᠤ ᠳᠡᠭᠦᠷᠭᠡ ᠶᠢᠨ ᠵᠠᠰᠠᠭ ᠳᠠᠷᠤᠭ᠎ᠠ
17.1.ᠠᠶᠢᠮᠠᠭ᠂ ᠨᠡᠶᠢᠰᠯᠡᠯ᠂ ᠰᠤᠮᠤ ᠳᠡᠭᠦᠷᠭᠡ ᠶᠢᠨ ᠵᠠᠰᠠᠭ ᠳᠠᠷᠤᠭ᠎ᠠ ᠳᠠᠷᠠᠭᠠᠬᠢ ᠡᠭᠦᠷᠭᠡ ᠬᠦᠯᠢᠶᠡᠨ᠎ᠡ᠄
17.1.1.ᠬᠠᠷᠢᠶ᠎ᠠ ᠨᠤᠲᠤᠭ ᠳᠡᠪᠢᠰᠬᠡᠷ ᠦᠨ ᠬᠦᠷᠢᠶᠡᠨ ᠳᠦ ᠡᠨᠡ ᠬᠠᠤᠯᠢ ᠶᠢᠨ ᠬᠡᠷᠡᠭᠵᠢᠯᠲᠡ ᠶᠢ ᠬᠠᠩᠭᠠᠬᠤ᠂ ᠲᠡᠭᠦᠨ ᠲᠡᠢ ᠬᠣᠯᠪᠣᠭᠠᠲᠠᠢ ᠦᠢᠯᠡ ᠠᠵᠢᠯᠯᠠᠭ᠎ᠠ ᠶᠢ ᠤᠶᠠᠯᠳᠤᠭᠤᠯᠤᠨ ᠵᠣᠬᠢᠶᠠᠨ ᠪᠠᠶᠢᠭᠤᠯᠬᠤ᠂ ᠬᠡᠷᠡᠭᠵᠢᠯᠲᠡ ᠳᠦ ᠬᠢᠨᠠᠯᠲᠠ ᠲᠠᠯᠪᠢᠬᠤ;
17.1.2.ᠬᠠᠷᠢᠶ᠎ᠠ ᠨᠤᠲᠤᠭ ᠳᠡᠪᠢᠰᠬᠡᠷ ᠦᠨ ᠬᠡᠮᠵᠢᠶᠡᠨ ᠳᠦ ᠠᠯᠪᠠᠨ ᠪᠠᠶᠢᠭᠤᠯᠤᠯᠭ᠎ᠠ᠂ ᠭᠤᠳᠤᠮᠵᠢ᠂ ᠲᠠᠯᠠᠪᠠᠢ ᠶᠢᠨ ᠨᠡᠷ᠎ᠡ ᠬᠠᠶ᠋ᠢᠭ ᠢ ᠺᠢᠷᠢᠯ ᠪᠣᠯᠤᠨ ᠦᠨᠳᠦᠰᠦᠨ ᠦ ᠪᠢᠴᠢᠭ ᠢᠶᠡᠷ ᠬᠣᠣᠰᠯᠠᠭᠤᠯᠤᠨ᠂ ᠡᠰᠡᠬᠦᠯ᠎ᠡ ᠳᠠᠩ ᠢᠶᠠᠷ ᠨᠢ ᠪᠢᠴᠢᠵᠦ ᠬᠡᠪᠰᠢᠬᠦ ᠠᠵᠢᠯ ᠢ ᠵᠣᠬᠢᠶᠠᠨ ᠪᠠᠶᠢᠭᠤᠯᠬᠤ;
17.1.3.ᠦᠨᠳᠦᠰᠦᠨ ᠦ ᠪᠢᠴᠢᠭ ᠦᠨ ᠬᠡᠷᠡᠭᠯᠡᠭᠡ ᠶᠢ ᠲᠦᠭᠡᠭᠡᠨ ᠳᠡᠯᠭᠡᠷᠡᠭᠦᠯᠬᠦ ᠳᠦ ᠢᠳᠡᠪᠬᠢ ᠰᠠᠨᠠᠭᠠᠴᠢᠯᠠᠭ᠎ᠠ ᠭᠠᠷᠭᠠᠨ ᠠᠵᠢᠯᠯᠠᠵᠤ ᠪᠠᠶᠢᠭ᠎ᠠ ᠢᠷᠭᠡᠨ᠂ ᠬᠠᠤᠯᠢ ᠶᠢᠨ ᠡᠲᠡᠭᠡᠳ ᠢ ᠤᠷᠮᠠᠰᠢᠭᠤᠯᠬᠤ ᠠᠵᠢᠯ ᠢ ᠵᠣᠬᠢᠶᠠᠨ ᠪᠠᠶᠢᠭᠤᠯᠬᠤ;
17.1.4.ᠬᠠᠤᠯᠢ ᠳᠤ ᠵᠢᠭᠠᠭᠰᠠᠨ ᠪᠤᠰᠤᠳ ᠡᠭᠦᠷᠭᠡ᠃
18 ᠳ᠋ᠤᠭᠠᠷ ᠵᠦᠢᠯ.ᠬᠡᠷᠡᠭᠯᠡᠭᠴᠢ ᠶᠢᠨ ᠡᠷᠬᠡ ᠶᠢ ᠬᠠᠮᠠᠭᠠᠯᠠᠬᠤ ᠲᠥᠷᠥ ᠶᠢᠨ ᠵᠠᠬᠢᠷᠭᠠᠨ ᠤ ᠪᠠᠶᠢᠭᠤᠯᠤᠯᠭ᠎ᠠ
18.1.ᠬᠡᠷᠡᠭᠯᠡᠭᠴᠢ ᠶᠢᠨ ᠡᠷᠬᠡ ᠶᠢ ᠬᠠᠮᠠᠭᠠᠯᠠᠬᠤ ᠲᠥᠷᠥ ᠶᠢᠨ ᠵᠠᠬᠢᠷᠭᠠᠨ ᠤ ᠪᠠᠶᠢᠭᠤᠯᠤᠯᠭ᠎ᠠ ᠳᠠᠷᠠᠭᠠᠬᠢ ᠡᠭᠦᠷᠭᠡ ᠬᠦᠯᠢᠶᠡᠨ᠎ᠡ᠄
18.1.1.ᠡᠨᠡ ᠬᠠᠤᠯᠢ ᠶᠢᠨ ᠬᠡᠷᠡᠭᠵᠢᠯᠲᠡ ᠳᠦ ᠬᠢᠨᠠᠯᠲᠠ ᠲᠠᠯᠪᠢᠵᠤ᠂ ᠵᠥᠷᠢᠴᠡᠯ ᠢ ᠬᠣᠯᠪᠣᠭᠳᠠᠬᠤ ᠪᠠᠶᠢᠭᠤᠯᠤᠯᠭ᠎ᠠ ᠳᠤ ᠬᠠᠨᠳᠤᠨ ᠰᠢᠢᠳᠪᠦᠷᠢᠯᠡᠭᠦᠯᠬᠦ᠂ ᠦᠷ᠎ᠡ ᠳᠦᠩ ᠢ ᠰᠢᠭᠤᠷᠬᠠᠢ ᠮᠡᠳᠡᠭᠡᠯᠡᠬᠦ;
18.1.2.ᠬᠠᠤᠯᠢ ᠳᠤ ᠵᠢᠭᠠᠭᠰᠠᠨ ᠪᠤᠰᠤᠳ ᠡᠭᠦᠷᠭᠡ᠃
19 ᠳᠦᠭᠡᠷ ᠵᠦᠢᠯ.ᠣᠯᠠᠨ ᠨᠡᠶᠢᠲᠡ ᠶᠢᠨ ᠬᠡᠪᠯᠡᠯ ᠮᠡᠳᠡᠭᠡᠯᠡᠯ ᠦᠨ ᠬᠡᠷᠡᠭᠰᠡᠯ᠂ ᠬᠡᠪᠯᠡᠨ ᠨᠡᠶᠢᠲᠡᠯᠡᠬᠦ ᠦᠢᠯᠡ ᠠᠵᠢᠯᠯᠠᠭ᠎ᠠ ᠡᠷᠬᠢᠯᠡᠳᠡᠭ ᠪᠠᠶᠢᠭᠤᠯᠤᠯᠭ᠎ᠠ
19.1.ᠣᠯᠠᠨ ᠨᠡᠶᠢᠲᠡ ᠶᠢᠨ ᠬᠡᠪᠯᠡᠯ ᠮᠡᠳᠡᠭᠡᠯᠡᠯ ᠦᠨ ᠬᠡᠷᠡᠭᠰᠡᠯ᠂ ᠬᠡᠪᠯᠡᠨ ᠨᠡᠶᠢᠲᠡᠯᠡᠬᠦ ᠦᠢᠯᠡ ᠠᠵᠢᠯᠯᠠᠭ᠎ᠠ ᠡᠷᠬᠢᠯᠡᠳᠡᠭ ᠪᠠᠶᠢᠭᠤᠯᠤᠯᠭ᠎ᠠ ᠳᠠᠷᠠᠭᠠᠬᠢ ᠡᠭᠦᠷᠭᠡ ᠬᠦᠯᠢᠶᠡᠨ᠎ᠡ᠄
19.1.1.ᠮᠣᠩᠭᠣᠯ ᠬᠡᠯᠡᠨ ᠦ ᠵᠥᠪ ᠪᠢᠴᠢᠬᠦ ᠳᠦᠷᠢᠮ᠂ ᠣᠷᠴᠢᠨ ᠴᠠᠭ ᠤᠨ ᠤᠳᠬ᠎ᠠ ᠵᠣᠬᠢᠶᠠᠯ ᠤᠨ ᠮᠣᠩᠭᠣᠯ ᠬᠡᠯᠡᠨ ᠦ ᠬᠡᠮ ᠬᠡᠮᠵᠢᠶ᠎ᠡ ᠶᠢ ᠴᠢᠩᠳᠠ ᠪᠠᠷᠢᠮᠲᠠᠯᠠᠬᠤ;
19.1.2.ᠰᠡᠳᠬᠦᠯᠴᠢ᠂ ᠬᠡᠪᠯᠡᠯ ᠮᠡᠳᠡᠭᠡᠯᠡᠯ ᠦᠨ ᠠᠵᠢᠯᠲᠠᠨ ᠤ ᠮᠡᠷᠭᠡᠵᠢᠯ ᠦᠨ ᠤᠷ᠎ᠠ ᠴᠢᠳᠠᠪᠤᠷᠢ ᠶᠢᠨ ᠰᠢᠯᠭᠠᠯᠲᠠ ᠳᠤ ᠮᠣᠩᠭᠣᠯ ᠬᠡᠯᠡ᠂ ᠪᠢᠴᠢᠭ ᠦᠨ ᠮᠡᠳᠡᠯᠭᠡ ᠶᠢᠨ ᠰᠢᠯᠭᠠᠭᠤᠷ ᠲᠣᠭᠲᠠᠭᠠᠭᠰᠠᠨ ᠪᠠᠶᠢᠬᠤ;
19.1.3.ᠬᠠᠤᠯᠢ ᠳᠤ ᠵᠢᠭᠠᠭᠰᠠᠨ ᠪᠤᠰᠤᠳ ᠡᠭᠦᠷᠭᠡ᠃
20 ᠳ᠋ᠤᠭᠠᠷ ᠵᠦᠢᠯ.ᠮᠣᠩᠭᠣᠯ ᠤᠯᠤᠰ ᠤᠨ ᠢᠷᠭᠡᠨ
20.1.ᠮᠣᠩᠭᠣᠯ ᠤᠯᠤᠰ ᠤᠨ ᠢᠷᠭᠡᠨ ᠳᠠᠷᠠᠭᠠᠬᠢ ᠡᠷᠬᠡ ᠡᠳ᠋ᠯᠡᠨ᠎ᠡ᠄
20.1.1.ᠮᠣᠩᠭᠣᠯ ᠬᠡᠯᠡ᠂ ᠪᠢᠴᠢᠭ ᠦᠰᠦᠭ ᠢᠶᠡᠨ ᠰᠤᠷᠴᠤ ᠰᠤᠳᠤᠯᠬᠤ᠂ ᠥᠪᠯᠡᠬᠦ᠂ ᠥᠪᠯᠡᠭᠦᠯᠬᠦ᠂ ᠮᠣᠩᠭᠣᠯ ᠬᠡᠯᠡ ᠪᠡᠨ ᠡᠵᠡᠮᠰᠢᠬᠦ᠂ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠠᠯ᠎ᠠ ᠪᠠᠷ ᠰᠠᠨᠠᠭᠠᠴᠢᠯᠠᠭ᠎ᠠ ᠭᠠᠷᠭᠠᠬᠤ;
20.1.2.ᠬᠠᠤᠯᠢ ᠳᠤ ᠵᠢᠭᠠᠭᠰᠠᠨ ᠪᠤᠰᠤᠳ ᠡᠷᠬᠡ᠃
20.2.ᠮᠣᠩᠭᠣᠯ ᠤᠯᠤᠰ ᠤᠨ ᠢᠷᠭᠡᠨ ᠳᠠᠷᠠᠭᠠᠬᠢ ᠵᠢᠷᠤᠮᠲᠤ ᠡᠭᠦᠷᠭᠡ ᠬᠦᠯᠢᠶᠡᠨ᠎ᠡ᠄
20.2.1.ᠮᠣᠩᠭᠣᠯ ᠬᠡᠯᠡᠨ ᠦ ᠬᠡᠮ ᠬᠡᠮᠵᠢᠶ᠎ᠡ ᠶᠢ ᠳᠠᠭᠠᠵᠤ ᠮᠥᠷᠳᠡᠬᠦ;
20.2.2.ᠬᠠᠤᠯᠢ ᠳᠤ ᠵᠢᠭᠠᠭᠰᠠᠨ ᠪᠤᠰᠤᠳ ᠡᠭᠦᠷᠭᠡ᠃
ᠵᠢᠷᠭᠤᠭᠠᠳᠤᠭᠠᠷ ᠪᠦᠯᠦᠭ
ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ
21 ᠳ᠋ᠦᠭ ᠢᠶᠡᠷ ᠵᠦᠢᠯ.ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ
21.1.ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠳᠡᠷᠭᠡᠳᠡ ᠮᠣᠩᠭᠣᠯ ᠬᠡᠯᠡ ᠶᠢ ᠬᠠᠮᠠᠭᠠᠯᠠᠬᠤ᠂ ᠬᠥᠭᠵᠢᠭᠦᠯᠬᠦ ᠦᠨᠳᠦᠰᠦᠨ ᠡᠭᠦᠷᠭᠡ ᠪᠦᠬᠦᠢ ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ /ᠴᠠᠭᠠᠰᠢᠳᠠ 《ᠵᠥᠪᠯᠡᠯ》 ᠭᠡᠬᠦ/ ᠠᠵᠢᠯᠯᠠᠨ᠎ᠠ᠃
21.2.ᠵᠥᠪᠯᠡᠯ ᠶᠢᠰᠦᠨ ᠭᠡᠰᠢᠭᠦᠨ ᠲᠡᠢ ᠪᠠᠶᠢᠨ᠎ᠠ. ᠭᠡᠰᠢᠭᠦᠳ ᠢ ᠮᠣᠩᠭᠣᠯ ᠤᠯᠤᠰ ᠤᠨ ᠶᠡᠷᠦᠩᠬᠡᠶᠢᠯᠡᠭᠴᠢ ᠮᠣᠩᠭᠣᠯ ᠬᠡᠯᠡ᠂ ᠤᠳᠬ᠎ᠠ ᠵᠣᠬᠢᠶᠠᠯ ᠤᠨ ᠡᠷᠳᠡᠮᠲᠡᠨ᠂ ᠬᠡᠪᠯᠡᠯ ᠮᠡᠳᠡᠭᠡᠯᠡᠯ᠂ ᠪᠣᠯᠪᠠᠰᠤᠷᠠᠯ᠂ ᠰᠤᠶᠤᠯ᠂ ᠰᠢᠨᠵᠢᠯᠡᠬᠦ ᠤᠬᠠᠭᠠᠨ ᠤ ᠰᠠᠯᠪᠤᠷᠢ ᠶᠢᠨ ᠮᠡᠷᠭᠡᠵᠢᠯ ᠦᠨ ᠲᠥᠯᠥᠭᠡᠯᠡᠯ ᠡᠴᠡ ᠰᠣᠩᠭᠣᠵᠤ᠂ ᠵᠢᠷᠭᠤᠭᠠᠨ ᠵᠢᠯ ᠦᠨ ᠬᠤᠭᠤᠴᠠᠭ᠎ᠠ ᠪᠠᠷ ᠲᠣᠮᠢᠯᠠᠨ᠎ᠠ. ᠵᠥᠪᠯᠡᠯ ᠦᠨ ᠳᠠᠷᠤᠭ᠎ᠠ᠂ ᠭᠡᠰᠢᠭᠦᠨ ᠬᠦᠨᠳᠦᠳᠭᠡᠬᠦ ᠰᠢᠯᠲᠠᠭᠠᠨ ᠢᠶᠠᠷ ᠠᠵᠢᠯ ᠢᠶᠠᠨ ᠦᠷᠭᠦᠯᠵᠢᠯᠡᠭᠦᠯᠬᠦ ᠪᠣᠯᠤᠮᠵᠢ ᠦᠭᠡᠢ ᠪᠣᠯᠤᠭᠰᠠᠨ ᠨᠥᠬᠥᠴᠡᠯ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠨᠥᠬᠥᠨ ᠲᠣᠮᠢᠯᠠᠨ᠎ᠠ᠃
21.3.ᠵᠥᠪᠯᠡᠯ ᠦᠨ ᠳᠠᠷᠤᠭ᠎ᠠ ᠶᠢ ᠮᠣᠩᠭᠣᠯ ᠤᠯᠤᠰ ᠤᠨ ᠶᠡᠷᠦᠩᠬᠡᠶᠢᠯᠡᠭᠴᠢ ᠵᠥᠪᠯᠡᠯ ᠦᠨ ᠭᠡᠰᠢᠭᠦᠳ ᠦᠨ ᠳᠣᠲᠣᠷ᠎ᠠ ᠠᠴᠠ ᠰᠣᠩᠭᠣᠵᠤ᠂ ᠭᠤᠷᠪᠠᠨ ᠵᠢᠯ ᠦᠨ ᠬᠤᠭᠤᠴᠠᠭ᠎ᠠ ᠲᠠᠢ ᠲᠣᠮᠢᠯᠠᠨ᠎ᠠ. ᠵᠥᠪᠯᠡᠯ ᠦᠨ ᠳᠠᠷᠤᠭ᠎ᠠ ᠶᠢ ᠬᠣᠶᠠᠷ ᠠᠴᠠ ᠳᠡᠭᠡᠭᠰᠢ ᠦᠭᠡᠢ ᠤᠳᠠᠭ᠎ᠠ ᠤᠯᠠᠷᠢᠭᠤᠯᠤᠨ ᠲᠣᠮᠢᠯᠠᠵᠤ ᠪᠣᠯᠤᠨ᠎ᠠ᠃
21.4.ᠵᠥᠪᠯᠡᠯ ᠵᠢᠯ ᠳᠦ ᠬᠣᠶᠠᠷ ᠤᠳᠠᠭ᠎ᠠ ᠲᠣᠭᠲᠠᠭᠰᠠᠨ ᠬᠤᠭᠤᠴᠠᠭᠠᠨ ᠳᠤ ᠬᠤᠷᠠᠯᠳᠤᠬᠤ ᠪᠥᠭᠡᠳ ᠵᠠᠶᠢᠯᠠᠰᠢ ᠦᠭᠡᠢ ᠱᠠᠭᠠᠷᠳᠠᠯᠭ᠎ᠠ ᠡᠭᠦᠰᠦᠭᠰᠡᠨ ᠨᠥᠬᠥᠴᠡᠯ ᠳᠦ ᠡᠭᠡᠯᠵᠢᠲᠦ ᠪᠤᠰᠤ ᠬᠤᠷᠠᠯ ᠢ ᠵᠥᠪᠯᠡᠯ ᠦᠨ ᠳᠠᠷᠤᠭ᠎ᠠ ᠶᠢᠨ ᠰᠢᠢᠳᠪᠦᠷᠢ ᠪᠡᠷ ᠵᠠᠷᠯᠠᠨ ᠬᠤᠷᠠᠯᠳᠤᠭᠤᠯᠤᠨ᠎ᠠ᠃
21.5.ᠵᠥᠪᠯᠡᠯ ᠣᠷᠣᠨ ᠲᠣᠭᠠᠨ ᠤ ᠠᠵᠢᠯ ᠤᠨ ᠠᠯᠪᠠ ᠲᠠᠢ ᠪᠠᠶᠢᠬᠤ ᠪᠠ ᠲᠡᠭᠦᠨ ᠦ ᠡᠳᠦᠷ ᠲᠤᠲᠤᠮ ᠤᠨ ᠦᠢᠯᠡ ᠠᠵᠢᠯᠯᠠᠭ᠎ᠠ ᠶᠢ ᠠᠵᠢᠯ ᠤᠨ ᠠᠯᠪᠠᠨ ᠤ ᠳᠠᠷᠤᠭ᠎ᠠ ᠤᠳᠤᠷᠢᠳᠤᠨ ᠶᠠᠪᠤᠭᠤᠯᠤᠨ᠎ᠠ᠃
21.6.ᠵᠥᠪᠯᠡᠯ ᠦᠨ ᠦᠢᠯᠡ ᠠᠵᠢᠯᠯᠠᠭᠠᠨ ᠤ ᠳᠦᠷᠢᠮ ᠢ ᠵᠥᠪᠯᠡᠯ ᠦᠨ ᠪᠦᠬᠦ ᠭᠡᠰᠢᠭᠦᠳ ᠦᠨ ᠬᠤᠷᠠᠯ ᠢᠶᠠᠷ ᠪᠠᠲᠤᠯᠠᠨ᠎ᠠ᠃
21.7.ᠵᠥᠪᠯᠡᠯ ᠳᠠᠷᠠᠭᠠᠬᠢ ᠡᠭᠦᠷᠭᠡ ᠬᠦᠯᠢᠶᠡᠨ᠎ᠡ᠄
21.7.1.ᠮᠣᠩᠭᠣᠯ ᠬᠡᠯᠡ᠂ ᠪᠢᠴᠢᠭ ᠦᠰᠦᠭ ᠢ ᠬᠡᠷᠡᠭᠯᠡᠬᠦ᠂ ᠬᠠᠮᠠᠭᠠᠯᠠᠬᠤ᠂ ᠬᠥᠭᠵᠢᠭᠦᠯᠬᠦ ᠲᠡᠢ ᠬᠣᠯᠪᠣᠭ᠎ᠠ ᠲᠠᠢ ᠪᠣᠳᠣᠯᠭ᠎ᠠ ᠪᠣᠯᠪᠠᠰᠤᠷᠠᠭᠤᠯᠵᠤ᠂ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠥᠷᠭᠡᠨ ᠮᠡᠳᠡᠭᠦᠯᠬᠦ;
21.7.2.ᠦᠨᠳᠦᠰᠦᠲᠡᠨ ᠦ ᠴᠥᠭᠡᠩᠬᠢ ᠶᠢᠨ ᠬᠡᠯᠡ᠂ ᠮᠣᠩᠭᠣᠯ ᠤᠭᠰᠠᠭᠠᠲᠠᠨ ᠤ ᠠᠮᠠᠨ ᠠᠶᠠᠯᠭᠤ ᠶᠢ ᠰᠤᠳᠤᠯᠬᠤ᠂ ᠬᠠᠮᠠᠭᠠᠯᠠᠬᠤ᠂ ᠬᠥᠭᠵᠢᠭᠦᠯᠬᠦ᠂ ᠭᠠᠳᠠᠭᠠᠳᠤ ᠣᠷᠣᠨ ᠳᠤ ᠰᠠᠭᠤᠭ᠎ᠠ ᠮᠣᠩᠭᠣᠯ ᠦᠨᠳᠦᠰᠦᠲᠡᠨ ᠨᠦᠭᠦᠳ᠂ ᠣᠯᠠᠨ ᠤᠯᠤᠰ ᠤᠨ ᠬᠡᠮᠵᠢᠶᠡᠨ ᠳᠦ ᠮᠣᠩᠭᠣᠯ ᠬᠡᠯᠡ᠂ ᠪᠢᠴᠢᠭ ᠦᠰᠦᠭ ᠦᠨ ᠬᠡᠷᠡᠭᠯᠡᠭᠡ᠂ ᠰᠤᠷᠭᠠᠯᠲᠠ ᠰᠤᠳᠤᠯᠭ᠎ᠠ ᠶᠢ ᠥᠷᠭᠡᠵᠢᠭᠦᠯᠬᠦ᠂ ᠳᠡᠮᠵᠢᠬᠦ ᠴᠢᠭᠯᠡᠯ ᠢᠶᠡᠷ ᠪᠣᠳᠣᠯᠭ᠎ᠠ ᠪᠣᠯᠪᠠᠰᠤᠷᠠᠭᠤᠯᠵᠤ᠂ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠥᠷᠭᠡᠨ ᠮᠡᠳᠡᠭᠦᠯᠬᠦ;
21.7.3.ᠡᠨᠡ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠠᠴᠠ ᠪᠣᠯᠪᠠᠰᠤᠷᠠᠭᠤᠯᠤᠭᠰᠠᠨ᠂ ᠳ᠋ᠦᠩᠨᠡᠯᠲᠡ ᠭᠠᠷᠭᠠᠭᠰᠠᠨ ᠺᠢᠷᠢᠯ ᠪᠣᠯᠤᠨ ᠦᠨᠳᠦᠰᠦᠨ ᠦ ᠪᠢᠴᠢᠭ ᠦᠨ ᠵᠥᠪ ᠪᠢᠴᠢᠬᠦ ᠳᠦᠷᠢᠮ᠂ ᠲᠡᠭᠦᠨ ᠦ ᠥᠭᠡᠷᠡᠴᠢᠯᠡᠯᠲᠡ ᠶᠢ ᠬᠡᠯᠡᠯᠴᠡᠨ ᠪᠠᠲᠤᠯᠠᠬᠤ;
21.7.4.ᠡᠨᠡ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠶᠢᠨ ᠳ᠋ᠦᠩᠨᠡᠯᠲᠡ ᠳᠦ ᠦᠨᠳᠦᠰᠦᠯᠡᠨ ᠺᠢᠷᠢᠯ ᠪᠣᠯᠤᠨ ᠦᠨᠳᠦᠰᠦᠨ ᠦ ᠪᠢᠴᠢᠭ ᠦᠨ ᠵᠥᠪ ᠪᠢᠴᠢᠬᠦ ᠳᠦᠷᠢᠮ ᠦᠨ ᠲᠣᠯᠢ᠂ ᠦᠭᠡ ᠶᠢᠨ ᠰᠠᠩ ᠤᠨ ᠲᠣᠯᠢ ᠪᠣᠯᠤᠨ ᠪᠤᠰᠤᠳ ᠬᠣᠯᠪᠣᠭᠣᠳᠠᠬᠤ ᠲᠣᠯᠢ ᠪᠢᠴᠢᠭ ᠢ ᠬᠡᠯᠡᠯᠴᠡᠨ ᠪᠠᠲᠤᠯᠠᠬᠤ;
21.7.5.ᠡᠨᠡ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠠᠴᠠ ᠪᠣᠯᠪᠠᠰᠤᠷᠠᠭᠤᠯᠤᠭᠰᠠᠨ ᠭᠠᠳᠠᠭᠠᠳᠤ ᠨᠡᠷ᠎ᠡ ᠲᠣᠮᠢᠶᠠᠨ ᠤ ᠣᠷᠴᠢᠭᠤᠯᠭ᠎ᠠ᠂ ᠮᠣᠩᠭᠣᠯ ᠬᠡᠯᠡᠨ ᠦ ᠦᠭᠡ ᠶᠢᠨ ᠰᠠᠩ ᠳᠤ ᠤᠷᠤᠭᠤᠯᠬᠤ ᠰᠢᠨ᠎ᠡ ᠨᠡᠷ᠎ᠡ ᠲᠣᠮᠢᠶ᠎ᠠ ᠶᠢ ᠬᠡᠯᠡᠯᠴᠡᠨ ᠪᠠᠲᠤᠯᠠᠬᠤ;
21.7.6.ᠭᠠᠵᠠᠷ ᠨᠤᠲᠤᠭ᠂ ᠭᠤᠳᠤᠮᠵᠢ᠂ ᠵᠠᠮ᠂ ᠲᠠᠯᠠᠪᠠᠢ ᠳᠤ ᠭᠠᠳᠠᠭᠠᠳᠤ ᠨᠡᠷ᠎ᠡ ᠣᠨᠣᠭᠠᠬᠤ ᠡᠰᠡᠬᠦ ᠠᠰᠠᠭᠤᠳᠠᠯ ᠢᠶᠠᠷ ᠰᠠᠨᠠᠯ᠂ ᠳ᠋ᠦᠩᠨᠡᠯᠲᠡ ᠭᠠᠷᠭᠠᠵᠤ ᠨᠤᠲᠤᠭ ᠤᠨ ᠥᠪᠡᠷ ᠢᠶᠡᠨ ᠤᠳᠤᠷᠢᠳᠬᠤ ᠪᠠᠶᠢᠭᠤᠯᠤᠯᠭ᠎ᠠ ᠳᠤ ᠢᠯᠡᠭᠡᠬᠦ;
21.7.7.ᠲᠥᠷᠥ ᠶᠢᠨ ᠠᠯᠪᠠᠨ ᠳᠤ ᠠᠩᠬ᠎ᠠ ᠤᠷᠤᠬᠤ ᠢᠷᠭᠡᠨ ᠡᠴᠡ ᠠᠪᠬᠤ ᠮᠣᠩᠭᠣᠯ ᠬᠡᠯᠡᠨ ᠦ ᠲᠥᠪᠰᠢᠨ ᠲᠣᠭᠲᠠᠭᠠᠬᠤ ᠰᠢᠯᠭᠠᠯᠲᠠ ᠶᠢᠨ ᠠᠭᠤᠯᠭ᠎ᠠ ᠶᠢ ᠡᠨᠡ ᠬᠠᠤᠯᠢ ᠶᠢᠨ 13 ᠳ᠋ᠤᠭᠠᠷ ᠵᠦᠢᠯ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠠᠴᠠ ᠢᠷᠡᠭᠦᠯᠦᠭᠰᠡᠨ ᠦ ᠳᠠᠭᠠᠤ ᠬᠡᠯᠡᠯᠴᠡᠨ ᠪᠠᠲᠤᠯᠠᠬᠤ;
21.7.8.ᠡᠨᠡ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠶᠢᠨ ᠳ᠋ᠦᠩᠨᠡᠯᠲᠡ ᠳᠦ ᠦᠨᠳᠦᠰᠦᠯᠡᠨ ᠺᠢᠷᠢᠯ ᠪᠣᠯᠤᠨ ᠦᠨᠳᠦᠰᠦᠨ ᠦ ᠪᠢᠴᠢᠭ ᠷᠦᠦ ᠬᠠᠷᠢᠯᠴᠠᠨ ᠬᠥᠷᠪᠡᠭᠦᠯᠬᠦ᠂ ᠵᠥᠪ ᠪᠢᠴᠢᠬᠦ ᠳᠦᠷᠢᠮ ᠦᠨ ᠠᠯᠳᠠᠭ᠎ᠠ ᠬᠢᠨᠠᠬᠤ ᠫᠷᠣᠭᠷᠠᠮ ᠢ ᠬᠡᠯᠡᠯᠴᠡᠨ ᠪᠠᠲᠤᠯᠠᠬᠤ;
21.7.9.ᠲᠥᠷᠥ ᠶᠢᠨ ᠪᠠᠶᠢᠭᠤᠯᠤᠯᠭ᠎ᠠ᠂ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠮᠣᠩᠭᠣᠯ ᠬᠡᠯᠡᠨ ᠦ ᠬᠡᠮ ᠬᠡᠮᠵᠢᠶ᠎ᠡ ᠶᠢ ᠪᠠᠷᠢᠮᠲᠠᠯᠠᠵᠤ ᠪᠠᠶᠢᠭ᠎ᠠ ᠡᠰᠡᠬᠦ ᠳᠦ ᠬᠢᠨᠠᠯᠲᠠ ᠲᠠᠯᠪᠢᠵᠤ᠂ ᠳ᠋ᠦᠩᠨᠡᠯᠲᠡ ᠭᠠᠷᠭᠠᠬᠤ;
21.7.10.ᠡᠨᠡ ᠬᠠᠤᠯᠢ ᠶᠢᠨ ᠬᠡᠷᠡᠭᠵᠢᠯᠲᠡ ᠳᠦ ᠵᠢᠯ ᠪᠦᠷᠢ ᠦᠨᠡᠯᠡᠭᠡ ᠬᠢᠵᠦ᠂ ᠦᠷ᠎ᠡ ᠳᠦᠩ ᠢ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠲᠠᠶᠢᠯᠤᠩᠨᠠᠬᠤ;
21.7.11.ᠡᠨᠡ ᠬᠠᠤᠯᠢ ᠶᠢᠨ ᠬᠡᠷᠡᠭᠵᠢᠯᠲᠡ᠂ ᠵᠥᠷᠢᠴᠡᠯ ᠦᠨ ᠲᠠᠯ᠎ᠠ ᠪᠠᠷ ᠮᠡᠳᠡᠭᠡᠯᠡᠯ ᠬᠦᠯᠢᠶᠡᠨ ᠠᠪᠴᠤ᠂ ᠬᠣᠯᠪᠣᠭᠳᠠᠬᠤ ᠡᠷᠬᠡ ᠪᠦᠬᠦᠢ ᠪᠠᠶᠢᠭᠤᠯᠤᠯᠭ᠎ᠠ ᠳᠤ ᠬᠠᠨᠳᠤᠨ ᠰᠢᠢᠳᠪᠦᠷᠢᠯᠡᠭᠦᠯᠬᠦ;
21.7.12.ᠡᠨᠡ ᠬᠠᠤᠯᠢ ᠶᠢᠨ 22.1 ᠍ ᠳᠦ ᠵᠢᠭᠠᠭᠰᠠᠨ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠲᠠᠢ ᠬᠠᠮᠲᠤᠷᠠᠨ ᠮᠣᠩᠭᠣᠯ ᠬᠡᠯᠡ᠂ ᠪᠢᠴᠢᠭ ᠦᠰᠦᠭ ᠦᠨ ᠬᠡᠷᠡᠭᠯᠡᠭᠡ ᠶᠢ ᠣᠯᠠᠨ ᠨᠡᠶᠢᠲᠡ ᠳᠦ ᠰᠤᠷᠲᠠᠯᠴᠢᠯᠠᠬᠤ᠂ ᠲᠦᠭᠡᠭᠡᠨ ᠳᠡᠯᠭᠡᠷᠡᠭᠦᠯᠬᠦ ᠠᠵᠢᠯ ᠢ ᠬᠡᠷᠡᠭᠵᠢᠭᠦᠯᠬᠦ᠃
ᠳᠣᠯᠣᠭᠠᠳᠤᠭᠠᠷ ᠪᠦᠯᠦᠭ
ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ
22 ᠳ᠋ᠤᠭᠠᠷ ᠵᠦᠢᠯ.ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ
22.1.ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠪᠦᠲᠦᠴᠡ ᠳᠦ ᠮᠣᠩᠭᠣᠯ ᠬᠡᠯᠡ᠂ ᠲᠡᠭᠦᠨ ᠦ ᠬᠡᠷᠡᠭᠯᠡᠭᠡ᠂ ᠬᠥᠭᠵᠢᠯ ᠢ ᠰᠤᠳᠤᠯᠬᠤ᠂ ᠮᠣᠩᠭᠣᠯ ᠬᠡᠯᠡᠨ ᠦ ᠬᠡᠮ ᠬᠡᠮᠵᠢᠶ᠎ᠡ᠂ ᠦᠭᠡ ᠶᠢᠨ ᠰᠠᠩ ᠤᠨ ᠥᠭᠡᠷᠡᠴᠢᠯᠡᠯᠲᠡ ᠲᠡᠢ ᠬᠣᠯᠪᠣᠭ᠎ᠠ ᠲᠠᠢ ᠰᠠᠨᠠᠯ᠂ ᠳ᠋ᠦᠩᠨᠡᠯᠲᠡ ᠪᠣᠯᠪᠠᠰᠤᠷᠠᠭᠤᠯᠬᠤ ᠡᠭᠦᠷᠭᠡ ᠪᠦᠬᠦᠢ ᠮᠣᠩᠭᠣᠯ ᠬᠡᠯᠡ ᠰᠢᠨᠵᠢᠯᠡᠯ ᠦᠨ ᠬᠦᠷᠢᠶᠡᠯᠡᠩ /ᠴᠢᠨᠠᠭᠰᠢᠳᠠ 《ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ》 ᠭᠡᠬᠦ/ ᠠᠵᠢᠯᠯᠠᠨ᠎ᠠ᠃
22.2.ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠳᠠᠷᠠᠭᠠᠬᠢ ᠡᠭᠦᠷᠭᠡ ᠬᠦᠯᠢᠶᠡᠨ᠎ᠡ᠄
22.2.1.ᠮᠣᠩᠭᠣᠯ ᠬᠡᠯᠡᠨ ᠦ ᠵᠥᠪ ᠪᠢᠴᠢᠬᠦ ᠳᠦᠷᠢᠮ ᠪᠣᠯᠪᠠᠰᠤᠷᠠᠭᠤᠯᠵᠤ᠂ ᠲᠡᠭᠦᠨ ᠳᠦ ᠥᠭᠡᠷᠡᠴᠢᠯᠡᠯᠲᠡ ᠣᠷᠣᠭᠤᠯᠬᠤ ᠠᠰᠠᠭᠤᠳᠠᠯ ᠢᠶᠠᠷ ᠰᠠᠨᠠᠯ ᠳᠡᠪᠰᠢᠭᠦᠯᠬᠦ;
22.2.2.ᠡᠷᠳᠡᠮᠲᠡᠨ ᠰᠤᠳᠤᠯᠤᠭᠠᠴᠢᠳ᠂ ᠡᠷᠳᠡᠮ ᠰᠢᠨᠵᠢᠯᠡᠭᠡᠨ ᠦ ᠪᠤᠰᠤᠳ ᠪᠠᠶᠢᠭᠤᠯᠤᠯᠭ᠎ᠠ ᠠᠴᠠ ᠪᠣᠯᠪᠠᠰᠤᠷᠠᠭᠤᠯᠤᠭᠰᠠᠨ ᠪᠢᠴᠢᠭ ᠦᠰᠦᠭ ᠦᠨ ᠳᠦᠷᠢᠮ ᠦᠨ ᠭᠠᠷ ᠤᠨ ᠠᠪᠤᠯᠭ᠎ᠠ᠂ ᠮᠣᠩᠭᠣᠯ ᠬᠡᠯᠡᠨ ᠦ ᠦᠭᠡ ᠶᠢᠨ ᠰᠠᠩ ᠤᠨ ᠪᠣᠯᠤᠨ ᠮᠡᠷᠭᠡᠵᠢᠯ ᠦᠨ ᠬᠡᠯᠡᠨ ᠦ ᠲᠣᠯᠢ ᠪᠢᠴᠢᠭ᠂ ᠪᠤᠰᠤᠳ ᠬᠣᠯᠪᠣᠭᠳᠠᠬᠤ ᠲᠣᠯᠢ ᠪᠢᠴᠢᠭ ᠮᠣᠩᠭᠣᠯ ᠬᠡᠯᠡᠨ ᠦ ᠵᠥᠪ ᠪᠢᠴᠢᠬᠦ ᠳᠦᠷᠢᠮ ᠳᠦ ᠨᠡᠶᠢᠴᠡᠵᠦ ᠪᠠᠶᠢᠭ᠎ᠠ ᠡᠰᠡᠬᠦ ᠶᠢ ᠬᠢᠨᠠᠵᠤ᠂ ᠳ᠋ᠦᠩᠨᠡᠯᠲᠡ ᠭᠠᠷᠭᠠᠬᠤ;
22.2.3.ᠬᠣᠯᠪᠣᠭᠣᠳᠠᠬᠤ ᠮᠡᠷᠭᠡᠵᠢᠯ ᠦᠨ ᠪᠠᠶᠢᠭᠤᠯᠤᠯᠭ᠎ᠠ ᠶᠢᠨ ᠲᠤᠰᠠᠯᠠᠯᠴᠠᠭ᠎ᠠ ᠲᠠᠢ ᠪᠠᠷ ᠭᠠᠳᠠᠭᠠᠳᠤ ᠨᠡᠷ᠎ᠡ ᠲᠣᠮᠢᠶ᠎ᠠ ᠶᠢ ᠮᠣᠩᠭᠣᠯ ᠬᠡᠯᠡᠨ ᠢᠶᠡᠨ ᠣᠷᠴᠢᠭᠤᠯᠬᠤ;
22.2.4.ᠭᠠᠵᠠᠷ ᠨᠤᠲᠤᠭ ᠤᠨ ᠣᠨᠣᠭᠠᠭᠰᠠᠨ ᠨᠡᠷ᠎ᠡ ᠶᠢ ᠲᠣᠯᠢ ᠪᠢᠴᠢᠭ ᠲᠦ ᠤᠷᠤᠭᠤᠯᠬᠤ᠂ ᠵᠢᠭᠲᠡᠯᠡᠬᠦ᠂ ᠣᠯᠠᠨ ᠤᠯᠤᠰ ᠤᠨ ᠭᠠᠵᠠᠷ ᠵᠦᠢ ᠶᠢᠨ ᠨᠡᠷ᠎ᠡ ᠶᠢᠨ ᠲᠣᠯᠢ ᠳᠤ ᠪᠥᠷᠢᠳᠬᠡᠭᠦᠯᠬᠦ ᠲᠠᠯ᠎ᠠ ᠪᠠᠷ ᠡᠨᠡ ᠬᠠᠤᠯᠢ ᠶᠢᠨ 21.1 ᠍ ᠳᠦ ᠵᠢᠭᠠᠭᠰᠠᠨ ᠡᠷᠬᠡ ᠪᠦᠬᠦᠢ ᠪᠠᠶᠢᠭᠤᠯᠤᠯᠭ᠎ᠠ ᠳᠤ ᠰᠠᠨᠠᠯ ᠭᠠᠷᠭᠠᠬᠤ;
22.2.5.ᠲᠥᠷᠦ ᠶᠢᠨ ᠠᠯᠪᠠᠨ ᠳᠤ ᠠᠩᠬ᠎ᠠ ᠣᠷᠣᠬᠤ ᠢᠷᠭᠡᠨ ᠡᠴᠡ ᠪᠣᠯᠤᠨ ᠭᠠᠳᠠᠭᠠᠳᠤ ᠶᠢᠨ ᠢᠷᠭᠡᠨ ᠡᠴᠡ ᠠᠪᠬᠤ ᠮᠣᠩᠭᠣᠯ ᠬᠡᠯᠡᠨ ᠦ ᠲᠥᠪᠰᠢᠨ ᠲᠣᠭᠲᠠᠭᠠᠬᠤ ᠰᠢᠯᠭᠠᠯᠲᠠ ᠶᠢᠨ ᠠᠭᠤᠯᠭ᠎ᠠ ᠪᠣᠯᠪᠠᠰᠤᠷᠠᠭᠤᠯᠬᠤ ᠠᠵᠢᠯ ᠢ ᠵᠣᠬᠢᠶᠠᠨ ᠪᠠᠶᠢᠭᠤᠯᠬᠤ;
22.2.6.ᠮᠣᠩᠭᠣᠯ ᠬᠡᠯᠡ᠂ ᠪᠢᠴᠢᠭ ᠦᠨ ᠵᠥᠪ ᠪᠢᠴᠢᠬᠦ ᠳᠦᠷᠢᠮ᠂ ᠬᠡᠷᠡᠭᠯᠡᠭᠡ ᠲᠡᠢ ᠬᠣᠯᠪᠣᠭᠠᠲᠠᠢ ᠰᠲ᠋ᠠᠨᠳᠠᠷᠲ ᠢ ᠪᠣᠯᠪᠠᠰᠤᠷᠠᠭᠤᠯᠵᠤ᠂ ᠰᠲ᠋ᠠᠨᠳᠠᠷᠲᠴᠢᠯᠠᠯ᠂ ᠲᠣᠬᠢᠷᠠᠯ ᠤᠨ ᠦᠨᠡᠯᠡᠭᠡᠨ ᠦ ᠲᠤᠬᠠᠢ ᠬᠠᠤᠯᠢ ᠶᠢᠨ 6.5 ᠍ ᠳᠦ ᠵᠢᠭᠠᠭᠰᠠᠨ ᠤ ᠳᠠᠭᠠᠤ ᠪᠠᠲᠤᠯᠠᠭᠤᠯᠬᠤ;
22.2.7.ᠨᠡᠷ᠎ᠡ ᠲᠣᠮᠢᠶᠠᠨ ᠤ ᠲᠠᠯ᠎ᠠ ᠪᠠᠷ ᠢᠷᠭᠡᠨ᠂ ᠬᠠᠤᠯᠢ ᠶᠢᠨ ᠡᠲᠡᠭᠡᠳ ᠦᠨ ᠰᠠᠨᠠᠯ᠂ ᠬᠦᠰᠡᠯᠲᠡ ᠶᠢ ᠬᠦᠯᠢᠶᠡᠨ ᠠᠪᠴᠤ ᠰᠢᠢᠳᠪᠦᠷᠢᠯᠡᠬᠦ᠃
ᠨᠠᠶᠢᠮᠠᠳᠤᠭᠠᠷ ᠪᠦᠯᠦᠭ
ᠪᠤᠰᠤᠳ
23 ᠳ᠋ᠤᠭᠠᠷ ᠵᠦᠢᠯ. ᠮᠣᠩᠭᠣᠯ ᠬᠡᠯᠡᠨ ᠦ ᠲᠤᠬᠠᠢ ᠬᠠᠤᠯᠢ ᠲᠣᠭᠲᠠᠭᠠᠮᠵᠢ ᠵᠥᠷᠢᠴᠡᠭᠴᠢᠳ ᠬᠦᠯᠢᠶᠡᠯᠭᠡᠬᠦ ᠬᠠᠷᠢᠭᠤᠴᠠᠯᠭ᠎ᠠ
23.1.ᠬᠠᠤᠯᠢ ᠳᠤ ᠥᠭᠡᠷ᠎ᠡ ᠪᠡᠷ ᠵᠢᠭᠠᠭ᠎ᠠ ᠦᠭᠡᠢ ᠪᠣᠯ ᠮᠣᠩᠭᠣᠯ ᠬᠡᠯᠡᠨ ᠦ ᠲᠤᠬᠠᠢ ᠬᠠᠤᠯᠢ ᠲᠣᠭᠲᠠᠭᠠᠮᠵᠢ ᠵᠥᠷᠢᠴᠡᠭᠰᠡᠨ ᠨᠢ ᠲᠣᠭᠲᠠᠭᠠᠭᠳᠠᠪᠠᠯ ᠰᠢᠭᠦᠭᠴᠢ᠂ ᠡᠷᠬᠡ ᠪᠦᠬᠦᠢ ᠤᠯᠤᠰ ᠤᠨ ᠪᠠᠶᠢᠴᠠᠭᠠᠭᠴᠢ ᠳᠠᠷᠠᠭᠠᠬᠢ ᠰᠢᠳᠬᠡᠯ ᠨᠣᠭᠳᠠᠭᠤᠯᠤᠨ᠎ᠠ᠄
23.1.1.ᠡᠨᠡ ᠬᠠᠤᠯᠢ ᠶᠢᠨ 6.3᠂ 7.3᠂ 16.1.1᠂ 16.2 ᠍ ᠳᠦ ᠵᠢᠭᠠᠭᠰᠠᠨ ᠢ ᠵᠥᠷᠢᠴᠡᠭᠰᠡᠨ ᠬᠠᠤᠯᠢ ᠶᠢᠨ ᠡᠲᠡᠭᠡᠳ ᠢ ᠨᠢᠭᠡ ᠰᠠᠷ᠎ᠠ ᠶᠢᠨ ᠬᠥᠳᠡᠯᠮᠦᠷᠢ ᠶᠢᠨ ᠬᠥᠯᠦᠰᠦᠨ ᠦ ᠳ᠋ᠣᠣ ᠳᠤ ᠬᠡᠮᠵᠢᠶ᠎ᠡ ᠶᠢ ᠠᠷᠪᠠ ᠠᠴᠠ ᠠᠷᠪᠠᠨ ᠲᠠᠪᠤ ᠳᠠᠬᠢᠨ ᠨᠡᠮᠡᠭᠳᠡᠭᠦᠯᠦᠭᠰᠡᠨ ᠲᠡᠢ ᠲᠡᠩᠴᠡᠬᠦ ᠬᠡᠮᠵᠢᠶᠡᠨ ᠦ ᠲᠥᠭᠥᠷᠢᠭ ᠢᠶᠡᠷ ᠲᠣᠷᠭᠣᠬᠤ᠃
24 ᠳ᠋ᠦ᠋ᠭᠡᠷ ᠵᠦᠢᠯ. ᠬᠠᠤᠯᠢ ᠬᠦᠴᠦᠨ ᠲᠡᠭᠦᠯᠳᠡᠷ ᠪᠣᠯᠬᠤ
24.1.ᠡᠨᠡ ᠬᠠᠤᠯᠢ ᠶᠢ 2015 ᠣᠨ ᠤ 07 ᠳ᠋ᠤᠭᠠᠷ ᠰᠠᠷ᠎ᠠ ᠶᠢᠨ 01 ᠍ ᠦ ᠡᠳᠦᠷ ᠡᠴᠡ ᠡᠬᠢᠯᠡᠨ ᠳᠠᠭᠠᠵᠤ ᠮᠥᠷᠳᠡᠨ᠎ᠡ᠃
24.2.ᠡᠨᠡ ᠬᠠᠤᠯᠢ ᠶᠢᠨ 7.2 ᠳᠠᠬᠢ ᠬᠡᠰᠡᠭ ᠢ 2025 ᠣᠨ ᠤ 01 ᠳᠦᠭᠡᠷ ᠰᠠᠷ᠎ᠠ ᠶᠢᠨ 01 ᠍ ᠦ ᠡᠳᠦᠷ ᠡᠴᠡ ᠡᠬᠢᠯᠡᠨ ᠳᠠᠭᠠᠵᠤ ᠮᠥᠷᠳᠡᠨ᠎ᠡ᠃
ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ
ᠵ.ᠡᠩᠬᠡᠪᠣᠯᠤᠳ
(1) ᠮᠣᠩᠭᠣᠯ ᠤᠯᠤᠰ ᠤᠨ ᠦᠨᠳᠦᠰᠦᠨ ᠬᠠᠤᠯᠢ 《ᠲᠥᠷᠦ ᠶᠢᠨ ᠮᠡᠳᠡᠭᠡᠯᠡᠯ》 ᠡᠮᠬᠢᠳᠬᠡᠯ ᠦᠨ 1992 ᠣᠨ ᠤ 1 ᠳ᠋ᠤᠭᠠᠷᠲᠤ ᠨᠡᠶᠢᠲᠡᠯᠡᠭᠳᠡᠭᠰᠡᠨ᠃
(2) ᠮᠣᠩᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠶᠢᠳᠠᠯ ᠤᠨ ᠦᠵᠡᠯ ᠪᠠᠷᠢᠮᠲᠠᠯᠠᠯ 《ᠲᠥᠷᠥ ᠶᠢᠨ ᠮᠡᠳᠡᠭᠡᠯᠡᠯ》 ᠡᠮᠬᠢᠳᠬᠡᠯ ᠦᠨ 2010 ᠣᠨ ᠤ 36 ᠳ᠋ᠤᠭᠠᠷ ᠲᠤ ᠨᠡᠶᠢᠲᠡᠯᠡᠭᠳᠡᠭᠰᠡᠨ᠃
ᠪᠢᠴᠢᠭᠰᠡᠨ᠄
ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ