MN / MNG

2022-07-14
《ᠬᠦᠨᠡᠰᠦᠨ ᠦ ᠨᠡᠷ᠎ᠡ ᠲᠣᠮᠢᠶᠠᠨ ᠤ ᠲᠠᠶᠢᠯᠪᠤᠷᠢ ᠲᠣᠯᠢ》 ᠍ ᠦᠨ ᠰᠠᠩ ᠢ ᠬᠡᠯᠡᠯᠴᠡᠨ ᠪᠠᠲᠤᠯᠠᠯ᠎ᠠ

《ᠬᠦᠨᠡᠰᠦᠨ ᠦ ᠨᠡᠷ᠎ᠡ ᠲᠣᠮᠢᠶᠠᠨ ᠤ ᠲᠠᠶᠢᠯᠪᠤᠷᠢ ᠲᠣᠯᠢ》 ᠍ ᠦᠨ ᠰᠠᠩ ᠢ ᠬᠡᠯᠡᠯᠴᠡᠨ ᠪᠠᠲᠤᠯᠠᠯ᠎ᠠ


ᠮᠣᠩᠭᠣᠯ ᠬᠡᠯᠡᠨ ᠦ ᠬᠠᠤᠯᠢ ᠶᠢᠨ 6.5 ᠍ ᠳᠦ ᠪᠦᠬᠦ ᠱᠠᠲᠤᠨ ᠤ ᠰᠤᠷᠭᠠᠯᠲᠠ᠂ ᠡᠷᠳᠡᠮ ᠰᠢᠨᠵᠢᠯᠡᠭᠡᠨ ᠦ ᠠᠵᠢᠯ ᠳᠤ ᠰᠢᠨᠵᠢᠯᠡᠬᠦ ᠤᠬᠠᠭᠠᠨ ᠤ ᠨᠡᠷ᠎ᠡ ᠲᠣᠮᠢᠶ᠎ᠠ ᠶᠢ ᠮᠣᠩᠭᠣᠯ ᠬᠡᠯᠡᠨ ᠢᠶᠡᠨ ᠣᠷᠴᠢᠭᠤᠯᠤᠨ ᠬᠡᠷᠡᠭᠯᠡᠬᠦ ᠲᠤᠬᠠᠢ ᠪᠣᠯᠤᠨ 21.7.5 ᠍ ᠳᠦ ᠡᠷᠬᠡ ᠪᠦᠬᠦᠢ ᠰᠤᠳᠤᠯᠭᠠᠨ ᠤ ᠪᠠᠶᠢᠭᠤᠯᠤᠯᠭ᠎ᠠ ᠠᠴᠠ ᠪᠣᠯᠪᠠᠰᠤᠷᠠᠭᠤᠯᠤᠭᠰᠠᠨ ᠭᠠᠳᠠᠭᠠᠳᠤ ᠨᠡᠷ᠎ᠡ ᠲᠣᠮᠢᠶᠠᠨ ᠤ ᠣᠷᠴᠢᠭᠤᠯᠭ᠎ᠠ᠂ ᠮᠣᠩᠭᠣᠯ ᠬᠡᠯᠡᠨ ᠦ ᠦᠭᠡ ᠶᠢᠨ ᠰᠠᠩ ᠳᠤ ᠤᠷᠤᠭᠤᠯᠬᠤ ᠰᠢᠨ᠎ᠡ ᠨᠡᠷ᠎ᠡ ᠲᠣᠮᠢᠶ᠎ᠠ ᠶᠢ ᠬᠡᠯᠡᠯᠴᠡᠨ ᠪᠠᠲᠤᠯᠠᠬᠤ᠂ ᠲᠣᠯᠢ ᠪᠦᠲᠦᠭᠡᠬᠦ ᠵᠢᠭᠠᠯᠲᠠ ᠶᠢᠨ ᠬᠦᠷᠢᠶᠡᠨ ᠳᠦ ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ ᠦᠨ ᠳᠡᠷᠭᠡᠳᠡ 《ᠤᠯᠤᠰ ᠤᠨ ᠨᠡᠷ᠎ᠡ ᠲᠣᠮᠢᠶᠠᠨ ᠤ ᠺᠣᠮᠢᠰ》 ᠠᠵᠢᠯᠯᠠᠳᠠᠭ᠃



ᠨᠡᠷ᠎ᠡ ᠲᠣᠮᠢᠶᠠᠨ ᠤ ᠺᠣᠮᠢᠰ ᠤᠨ 2017 ᠣᠨ ᠤ 3 ᠳ᠋ᠤᠭᠠᠷ ᠰᠠᠷ᠎ᠠ ᠶᠢᠨ ᠡᠭᠡᠯᠵᠢᠲᠦ ᠬᠤᠷᠠᠯ ᠢᠶᠠᠷ 《ᠬᠦᠨᠡᠰᠦᠨ ᠦ ᠨᠡᠷ᠎ᠡ ᠲᠣᠮᠢᠶᠠᠨ ᠤ ᠲᠠᠶᠢᠯᠪᠤᠷᠢ ᠲᠣᠯᠢ》 ᠍ ᠦᠨ ᠰᠠᠩ ᠢ ᠬᠡᠯᠡᠯᠴᠡᠨ ᠪᠠᠲᠤᠯᠠᠯ᠎ᠠ᠃ ᠺᠣᠮᠢᠰ ᠤᠨ ᠭᠡᠰᠢᠭᠦᠨ ᠪᠠᠶᠢᠭᠤᠯᠤᠯᠭ᠎ᠠ ᠪᠠᠷ ᠦᠨᠳᠦᠰᠦᠨ ᠦ ᠠᠶᠤᠯ ᠦᠭᠡᠢ ᠪᠠᠶᠢᠳᠠᠯ ᠤᠨ ᠵᠥᠪᠯᠡᠯ᠂ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ ᠦᠨ ᠬᠦᠨᠡᠰᠦᠨ ᠦ ᠮᠡᠷᠭᠡᠵᠢᠯᠲᠡᠨ᠂ ᠪᠠᠭᠰᠢ ᠨᠠᠷ᠂ ШУА ᠍ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠬᠡᠷᠡᠭᠯᠡᠭᠡ ᠬᠡᠯᠡ ᠰᠢᠨᠵᠢᠯᠡᠯ ᠦᠨ ᠰᠠᠯᠪᠤᠷᠢ ᠶᠢᠨ ᠪᠠᠭ᠂ ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ ᠦᠨ ᠠᠵᠢᠯ ᠤᠨ ᠠᠯᠪᠠᠨ ᠤ ᠬᠢᠨ ᠤᠷᠤᠯᠴᠠᠪᠠ᠃

ᠲᠣᠯᠢ ᠳᠤ ᠨᠡᠷ᠎ᠡ ᠲᠣᠮᠢᠶ᠎ᠠ ᠶᠢ ᠮᠡᠷᠭᠡᠵᠢᠯ ᠦᠨ ᠵᠦᠭ ᠡᠴᠡ ᠲᠠᠶᠢᠯᠪᠤᠷᠢᠯᠠᠵᠤ ᠦᠭᠡ ᠬᠡᠯᠡᠯᠭᠡ ᠶᠢ ᠠᠩᠭᠯᠢ᠂ ᠣᠷᠣᠰ ᠬᠡᠯᠡ ᠪᠡᠷ ᠬᠡᠷᠬᠢᠨ ᠣᠨᠣᠭᠠᠵᠤ ᠬᠡᠯᠡᠬᠦ᠂ ᠮᠣᠩᠭᠣᠯ ᠪᠢᠴᠢᠭ ᠢᠶᠡᠷ ᠶᠠᠵ ᠪᠢᠴᠢᠬᠦ ᠶᠢ ᠳᠠᠪᠬᠤᠷ ᠲᠠᠶᠢᠯᠪᠤᠷᠢᠯᠠᠭᠰᠠᠨ ᠨᠢ ᠯᠠᠪᠯᠠᠭᠠᠭ᠎ᠠ᠂ ᠲᠠᠨᠢᠨ ᠮᠡᠳᠡᠬᠦᠢ ᠶᠢᠨ ᠬᠦᠷ᠎ᠡ ᠶᠢ ᠥᠷᠭᠡᠳᠬᠡᠭᠰᠡᠨ ᠣᠨᠣᠯ ᠤᠨ ᠪᠣᠯᠤᠨ ᠫᠷᠠᠺᠲ᠋ᠢᠭ ᠠᠴᠢ ᠬᠣᠯᠪᠣᠭᠳᠠᠯ ᠢ ᠲᠤᠰᠬᠠᠵᠤ ᠥᠭᠴᠡᠢ᠃

ᠬᠦᠨᠡᠰᠦᠨ ᠦ ᠠᠶᠤᠯ ᠦᠭᠡᠢ ᠪᠠᠶᠢᠳᠠᠯ ᠲᠡᠳᠦᠶᠢᠯᠡᠨ ᠬᠠᠩᠭᠠᠯᠲᠠ ᠦᠭᠡᠢ ᠪᠠᠶᠢᠭ᠎ᠠ ᠲᠠᠢ ᠬᠣᠯᠪᠣᠭ᠎ᠠ ᠲᠠᠢ ᠪᠠᠷ ᠬᠦᠨᠡᠰᠦᠨ ᠦ ᠰᠠᠯᠪᠤᠷᠢ ᠶᠢᠨ ᠰᠢᠨᠵᠢᠯᠡᠬᠦ ᠤᠬᠠᠭᠠᠨ᠂ ᠦᠢᠯᠡᠳᠪᠦᠷᠢᠯᠡᠯ᠂ ᠫᠷᠠᠺᠲ᠋ᠢᠭ ᠠᠵᠢᠯᠯᠠᠭᠠᠨ ᠳᠤ ᠥᠷᠭᠡᠨ ᠬᠡᠷᠡᠭᠯᠡᠭᠳᠡᠳᠡᠭ ᠬᠦᠨᠡᠰᠦᠨ ᠦ ᠨᠡᠷ᠎ᠡ ᠲᠣᠮᠢᠶᠠᠨ ᠤ ᠲᠣᠳᠣᠷᠬᠠᠶᠢᠯᠠᠯᠲᠠ ᠶᠢ ᠲᠣᠳᠣᠷᠬᠠᠢ ᠪᠣᠯᠭᠠᠨ ᠴᠡᠭᠴᠡᠯᠡᠬᠦ ᠱᠠᠭᠠᠷᠳᠠᠯᠭ᠎ᠠ ᠵᠦᠢ ᠶᠣᠰᠣᠭᠠᠷ ᠲᠤᠯᠭᠠᠷᠴᠢ ᠪᠠᠶᠢᠭᠰᠠᠨ ᠶᠤᠮ᠃

ᠲᠤᠬᠠᠶᠢᠯᠠᠪᠠᠯ᠄

1᠃ 2010 ᠣᠨ ᠠᠴᠠ ᠡᠬᠢᠯᠡᠨ ᠬᠦᠨᠡᠰᠦᠨ ᠦ ᠰᠠᠯᠪᠤᠷᠢ ᠶᠢᠨ ᠬᠠᠤᠯᠢ ᠡᠷᠬᠡ ᠵᠦᠢ ᠶᠢᠨ ᠣᠷᠴᠢᠨ ᠥᠭᠡᠷᠡᠴᠢᠯᠡᠭᠳᠡᠵᠦ ᠵᠠᠷᠢᠮ ᠨᠡᠷ᠎ᠡ ᠲᠣᠮᠢᠶ᠎ᠠ ᠶᠢ ᠲᠣᠳᠣᠷᠬᠠᠶᠢᠯᠠᠵᠤ ᠪᠠᠶᠢᠭ᠎ᠠ ᠬᠡᠳᠦᠢ ᠴᠤ ᠰᠠᠯᠪᠤᠷᠢ ᠶᠢᠨ ᠬᠡᠮᠵᠢᠶᠡᠨ ᠳᠦ ᠨᠢᠭᠡᠳᠦᠭᠰᠡᠨ ᠣᠶᠢᠯᠠᠭᠠᠯᠲᠠᠳ ᠬᠦᠷᠬᠦ ᠦᠭᠡᠢ ᠪᠠᠶᠢᠭᠰᠠᠭᠠᠷ ᠪᠠᠶᠢᠨ᠎ᠠ᠃

2᠃ ᠰᠡᠭᠦᠯ ᠦᠨ ᠦᠶ᠎ᠡ ᠳᠦ ᠶᠠᠩᠵᠤ ᠪᠦᠷᠢ ᠶᠢᠨ ᠬᠡᠯᠡᠨ ᠡᠴᠡ ᠣᠷᠴᠢᠭᠤᠯᠭ᠎ᠠ ᠶᠢᠨ ᠮᠠᠲ᠋ᠧᠷᠢᠶᠠᠯ ᠤᠳ ᠠᠯᠪᠠᠨ ᠬᠡᠷᠡᠭᠴᠡᠭᠡᠨ ᠳᠦ ᠥᠷᠭᠡᠨ ᠬᠡᠷᠡᠭᠯᠡᠭᠳᠡᠬᠦ ᠪᠣᠯᠤᠭᠰᠠᠨ᠃ ᠣᠷᠴᠢᠭᠤᠯᠭ᠎ᠠ ᠶᠢᠨ ᠮᠠᠲ᠋ᠧᠷᠢᠶᠠᠯ ᠢ ᠬᠤᠪᠢ ᠬᠦᠮᠦᠨ ᠥᠪᠡᠷ ᠥᠪᠡᠷ ᠦᠨ ᠳᠤᠷ᠎ᠠ ᠪᠠᠷ ᠣᠷᠴᠢᠭᠤᠯᠵᠤ ᠮᠣᠩᠭᠣᠯ ᠤᠨ ᠬᠥᠷᠦᠭᠰᠡᠨ ᠳᠦ ᠪᠠᠭᠤᠯᠭᠠᠬᠤ ᠳᠤ ᠪᠠᠨ ᠥᠭᠡᠷ᠎ᠡ ᠥᠭᠡᠷ᠎ᠡ ᠠᠭᠤᠯᠭ᠎ᠠ ᠲᠠᠢ ᠪᠠᠷᠢᠮᠲᠠ ᠪᠢᠴᠢᠭ ᠦᠳ ᠢ ᠭᠠᠷᠭᠠᠬᠤ ᠲᠣᠬᠢᠶᠠᠯᠳᠤᠯ ᠶᠡᠬᠡ ᠪᠠᠶᠢᠨ᠎ᠠ᠃ ᠡᠭᠦᠨ ᠲᠡᠢ ᠬᠣᠯᠪᠣᠭᠠᠲᠠᠢ ᠪᠠᠷ ᠮᠡᠷᠭᠡᠵᠢᠯ ᠦᠨ ᠣᠷᠴᠢᠭᠤᠯᠭ᠎ᠠ ᠶᠢ ᠵᠢᠭᠲᠡᠯᠡᠬᠦ᠂ ᠠᠭᠤᠯᠭ᠎ᠠ ᠶᠢ ᠥᠪᠡᠷᠡᠴᠢᠯᠡᠬᠦ ᠦᠭᠡᠢ ᠪᠡᠷ ᠨᠢᠭᠡᠳᠦᠭᠰᠡᠨ ᠰᠠᠩ ᠠᠴᠠ ᠲᠣᠬᠢᠷᠠᠬᠤ ᠮᠡᠷᠭᠡᠵᠢᠯ ᠦᠨ ᠦᠭᠡ ᠬᠡᠯᠡᠯᠭᠡ ᠶᠢ ᠠᠪᠴᠤ ᠠᠰᠢᠭᠯᠠᠬᠤ᠂ ᠨᠢᠭᠡᠳᠦᠭᠰᠡᠨ ᠣᠶᠢᠯᠠᠭᠠᠯᠲᠠ ᠶᠢ ᠲᠦᠭᠡᠭᠡᠬᠦ ᠱᠠᠭᠠᠷᠳᠠᠯᠭ᠎ᠠ ᠡᠭᠦᠰᠦᠭᠰᠡᠨ᠃

3᠃ ᠳᠡᠯᠡᠬᠡᠢ ᠶᠢᠨ ᠳᠠᠶᠠᠷᠰᠢᠯ ᠲᠠᠢ ᠬᠣᠯᠪᠣᠭᠠᠲᠠᠢ ᠪᠠᠷ ᠬᠦᠨᠡᠰᠦᠨ ᠦ ᠰᠠᠯᠪᠤᠷᠢ ᠳᠤ ᠴᠤ ᠣᠯᠠᠨ ᠠᠷᠪᠠᠨ ᠰᠢᠨ᠎ᠡ ᠨᠡᠷ᠎ᠡ ᠲᠣᠮᠢᠶ᠎ᠠ᠂ ᠬᠡᠯᠡᠯᠭᠡ ᠨᠡᠪᠲᠡᠷᠡᠴᠢ ᠪᠠᠶᠢᠨ᠎ᠠ᠃ ᠡᠳᠡᠭᠡᠷ ᠢ ᠮᠣᠩᠭᠣᠯ ᠬᠡᠯᠡ ᠳᠡᠭᠡᠷ᠎ᠡ ᠶᠠᠩᠵᠤ ᠶᠠᠩᠵᠤ ᠶᠢᠨ ᠣᠨᠣᠭᠠᠯᠲᠠ ᠬᠢᠬᠦ᠂ ᠵᠠᠷᠢᠮ ᠨᠡᠷ᠎ᠡ ᠲᠣᠮᠢᠶ᠎ᠠ ᠶᠢ ᠭᠠᠳᠠᠭᠠᠳᠤ ᠬᠡᠯᠡ ᠪᠡᠷ ᠨᠢ ᠬᠡᠷᠡᠭᠯᠡᠬᠦ ᠶᠠᠪᠤᠳᠠᠯ ᠴᠤ ᠨᠡᠯᠢᠶᠡᠳ ᠪᠠᠶᠢᠨ᠎ᠠ᠃ ᠡᠶᠢᠮᠦ ᠳᠦ ᠡᠳᠡᠭᠡᠷ ᠨᠡᠷ᠎ᠡ ᠲᠣᠮᠢᠶ᠎ᠠ᠂ ᠲᠣᠳᠣᠷᠬᠠᠶᠢᠯᠠᠯᠲᠠ ᠶᠢ ᠭᠠᠷᠤᠯ ᠡᠭᠦᠰᠦᠯ ᠦᠨ ᠬᠢ ᠨᠢ ᠵᠢᠩᠬᠢᠨᠢ ᠤᠳᠬ᠎ᠠ ᠪᠠᠷ ᠲᠠᠶᠢᠯᠪᠤᠷᠢᠯᠠᠬᠤ᠂ ᠣᠶᠢᠯᠠᠭᠠᠯᠲᠠ ᠶᠢᠨ ᠵᠥᠷᠢᠭᠦᠦ ᠶᠢ ᠠᠷᠢᠯᠭᠠᠬᠤ ᠨᠡᠩ ᠱᠠᠭᠠᠷᠳᠠᠯᠭ᠎ᠠ ᠲᠠᠢ ᠪᠣᠯᠤᠭᠰᠠᠨ᠃

4᠃ ᠵᠢᠷ ᠦᠨ ᠬᠡᠷᠡᠭᠯᠡᠭᠴᠢ ᠡᠴᠡ ᠡᠬᠢᠯᠡᠨ ᠮᠡᠷᠭᠡᠵᠢᠯ ᠦᠨ ᠪᠣᠯᠪᠠᠰᠤᠨ ᠬᠦᠴᠦᠨ᠂ ᠪᠢᠽᠢᠨ᠋ᠧᠰ ᠡᠷᠬᠢᠯᠡᠭᠴᠢᠳ ᠬᠦᠨᠡᠰᠦᠨ ᠦ ᠦᠭᠡ ᠬᠡᠯᠡᠯᠭᠡ᠂ ᠲᠣᠮᠢᠶᠠᠯᠠᠯ ᠤᠨ ᠲᠠᠯ᠎ᠠ ᠪᠠᠷ ᠨᠢᠭᠡᠳᠦᠭᠰᠡᠨ ᠣᠶᠢᠯᠠᠭᠠᠯᠲᠠ ᠲᠠᠢ ᠪᠣᠯᠬᠤ᠂ ᠣᠶᠢᠯᠠᠭᠠᠯᠲᠠ ᠶᠢᠨ ᠵᠥᠷᠢᠭᠦᠦ ᠶᠢ ᠠᠷᠢᠯᠭᠠᠬᠤ᠂ ᠮᠡᠷᠭᠡᠵᠢᠯ ᠦᠨ ᠨᠢᠭᠡ ᠲᠣᠭᠲᠠᠭᠰᠠᠨ ᠬᠡᠯᠡ ᠪᠡᠷ ᠥᠪᠡᠷ ᠬᠣᠭᠣᠷᠣᠨᠳᠣ ᠪᠠᠨ ᠣᠶᠢᠯᠠᠭᠠᠯᠴᠠᠬᠤ ᠬᠡᠷᠡᠭᠲᠡᠢ ᠪᠠᠶᠢᠨ᠎ᠠ᠃

ᠡᠳᠡᠭᠡᠷ ᠬᠡᠷᠡᠭᠴᠡᠭᠡ ᠱᠠᠭᠠᠷᠳᠠᠯᠭ᠎ᠠ ᠶᠢ ᠬᠠᠷᠠᠭᠠᠯᠵᠠᠨ ᠬᠦᠨᠡᠰᠦᠨ ᠦ ᠰᠠᠯᠪᠤᠷᠢ ᠶᠢᠨ ᠡᠷᠳᠡᠮᠲᠡᠳ᠂ ᠮᠡᠷᠭᠡᠵᠢᠯᠲᠡᠨ ᠨᠦᠭᠦᠳ ᠬᠠᠮᠲᠤᠷᠠᠨ 《ᠬᠦᠨᠡᠰᠦᠨ ᠦ ᠨᠡᠷ᠎ᠡ ᠲᠣᠮᠢᠶᠠᠨ ᠤ ᠲᠣᠯᠢ》 ᠍ ᠢ ᠤᠯᠤᠰ ᠤᠨ ᠨᠡᠷ᠎ᠡ ᠲᠣᠮᠢᠶᠠᠨ ᠤ ᠺᠣᠮᠢᠰ ᠤᠨ ᠬᠤᠷᠠᠯ ᠢᠶᠠᠷ ᠪᠠᠲᠤᠯᠠᠯ᠎ᠠ᠃ ᠤᠭ ᠲᠣᠯᠢ ᠮᠢᠬ᠎ᠠ᠂ ᠮᠢᠬᠠᠨ ᠪᠦᠲᠦᠭᠡᠭᠳᠡᠬᠦᠨ ᠦ ᠦᠢᠯᠡᠳᠪᠦᠷᠢᠯᠡᠯ᠂ ᠰᠦ᠋᠂ ᠰᠦᠨ ᠪᠦᠲᠦᠭᠡᠭᠳᠡᠭᠳᠡᠬᠦᠨ ᠦ ᠦᠢᠯᠡᠳᠪᠦᠷᠢᠯᠡᠯ᠂ ᠦᠷ᠎ᠡ ᠲᠠᠷᠢᠶ᠎ᠠ᠂ ᠭᠤᠷᠢᠯᠠᠨ ᠪᠦᠲᠦᠭᠡᠭᠳᠡᠬᠦᠨ ᠦ ᠦᠢᠯᠡᠳᠪᠦᠷᠢᠯᠡᠯ᠂ ᠬᠦᠨᠡᠰᠦᠨ ᠦ ᠨᠣᠭᠣᠭ᠎ᠠ᠂ ᠵᠢᠮᠢᠰ ᠵᠢᠮᠢᠰᠬᠡᠨ ᠦ ᠦᠢᠯᠡᠳᠪᠦᠷᠢᠯᠡᠯ᠂ ᠤᠰᠤ᠂ ᠤᠮᠳᠠᠭᠠᠨ ᠤ ᠦᠢᠯᠡᠳᠪᠦᠷᠢᠯᠡᠯ᠂ ᠯᠠᠪᠤᠷᠠᠲ᠋ᠣᠷᠢ ᠶᠢᠨ ᠲᠣᠨᠣᠭ ᠲᠥᠬᠥᠷᠦᠭᠡᠮᠵᠢ᠂ ᠬᠦᠨᠡᠰᠦᠨ ᠦ ᠦᠢᠯᠡᠳᠪᠦᠷᠢᠯᠡᠯ ᠦᠨ ᠲᠣᠨᠣᠭ ᠲᠥᠬᠥᠭᠡᠷᠦᠮᠵᠢ᠂ ᠬᠣᠭᠣᠯᠠ ᠵᠦᠢ᠂ ᠰᠢᠮ᠎ᠡ ᠲᠡᠵᠢᠭᠡᠯ᠂ ᠬᠦᠨᠡᠰᠦᠨ ᠦ ᠬᠠᠤᠯᠢ ᠡᠷᠬᠡ ᠵᠦᠢ ᠪᠣᠯᠤᠨ ᠬᠦᠨᠡᠰᠦᠨ ᠦ ᠠᠶᠤᠯ ᠦᠭᠡᠢ ᠪᠠᠶᠢᠳᠠᠯ ᠭᠡᠰᠡᠨ ᠦᠨᠳᠦᠰᠦᠨ ᠪᠦᠲᠦᠴᠡ 25000 ᠮᠢᠩᠭᠠᠨ ᠦᠭᠡ ᠶᠢᠨ ᠰᠠᠩ ᠲᠠᠢ ᠪᠣᠯᠤᠨ᠎ᠠ᠃


ᠪᠢᠴᠢᠭᠰᠡᠨ᠄ ᠬᠡᠯᠡᠨ ᠤ ᠪᠤᠳᠤᠯᠭ᠎ᠠ ᠢᠢᠨ ᠦᠨᠳᠦᠰᠦᠨ ᠦ ᠵᠦᠪᠯᠡᠯ


Бичсэн: ХБҮЗ